ᠡᠮᠦᠨᠡᠭᠤᠪᠢ 1.5 ᠰᠠᠶ᠎ᠠ ᠮᠣᠳᠣ ᠲᠠᠷᠢᠨ᠎ᠠ | News.MN

ᠡᠮᠦᠨᠡᠭᠤᠪᠢ 1.5 ᠰᠠᠶ᠎ᠠ ᠮᠣᠳᠣ ᠲᠠᠷᠢᠨ᠎ᠠ

ᠡᠮᠦᠨᠡᠭᠣᠪᠢ ᠠᠢᠮᠠᠭ ᠪᠦᠬᠦ ᠨᠡᠢᠲᠡ ᠶᠢᠨ ᠮᠣᠳᠣ ᠲᠠᠷᠢᠬᠤ ᠠᠵᠢᠯ ᠢ ᠳᠥᠷᠪᠡᠳᠦᠭᠡᠷ ᠰᠠᠷ᠎ᠠ ᠶᠢᠨ 25 ᠤ ᠡᠳᠦᠷ ᠵᠣᠬᠢᠶᠠᠨ ᠪᠠᠢᠭᠤᠯᠤᠨ᠎ᠠ᠃  ᠲᠡᠳᠡ 2030 ᠣᠨ ᠬᠦᠷᠲᠡᠯ᠎ᠡ 70 ᠰᠠᠶ᠎ᠠ ᠮᠣᠳᠣ ᠲᠠᠷᠢᠵᠤ ᠤᠷᠭᠤᠭᠤᠯᠬᠤ ᠪᠠᠷ ᠵᠠᠰᠠᠭ ᠤᠨ ᠭᠠᠵᠠᠷ ᠲᠠᠢ ᠬᠠᠷᠢᠭᠤᠴᠠᠯᠭ᠎ᠠ ᠶᠢᠨ ᠭᠡᠷ᠎ᠡ ᠪᠠᠢᠭᠤᠯᠤᠭᠰᠠᠨ ᠶᠤᠮ᠃

ᠲᠤᠰ ᠠᠢᠮᠠᠭ 2023 ᠣᠨ ᠳᠤ 546509 ᠮᠣᠳᠣ ᠲᠠᠷᠢᠵᠤ᠂ ᠮᠣᠳᠣ᠂ ᠵᠠᠭ ᠢᠶᠠᠷ ᠣᠢᠵᠢᠭᠤᠯᠵᠤ᠂ ᠨᠥᠬᠥᠨ ᠰᠡᠷᠭᠦᠭᠡᠭᠰᠡᠨ ᠲᠠᠯᠠᠪᠠᠢ ᠶᠢ 138.5 ᠭᠠ ᠪᠠᠷ ᠨᠡᠮᠡᠭᠳᠡᠭᠦᠯᠵᠦ ᠤᠷᠭᠤᠭᠤᠯᠵᠠᠢ᠃ ᠬᠠᠷᠢᠨ 2024 ᠣᠨ ᠳᠦ ᠨᠡᠢᠲᠡ 263.5 ᠭᠠ ᠲᠠᠯᠠᠪᠠᠢ ᠳᠤ 630 779 ᠮᠣᠳᠣ ᠲᠠᠷᠢᠵᠤ ᠤᠷᠭᠤᠭᠤᠯᠤᠭᠰᠠᠨ ᠪᠠᠢᠨ᠎ᠠ᠃ ᠡᠨᠡ ᠵᠢᠯ 1.5 ᠰᠠᠶ᠎ᠠ ᠮᠣᠳᠣ ᠲᠠᠷᠢᠬᠤ ᠪᠠᠷ ᠲᠥᠯᠥᠪᠯᠡᠵᠡᠢ᠃

ᠰᠡᠳᠬᠢᠭᠳᠡᠯ ᠦᠯᠡᠳᠡᠭᠡᠬᠦ