ᠵᠡᠪᠰᠡᠭᠲᠦ ᠬᠦᠴᠦᠨ ᠦ 123 ᠳ᠋ᠤᠭᠠᠷ ᠠᠩᠬᠢ ᠶᠢᠨ ᠬᠥᠭᠵᠢᠮᠴᠢᠨ ᠡ᠊ ∙ ᠳᠠᠸᠠᠵᠠᠮᠰᠤ᠂ 34 ᠳ᠋ᠤᠭᠡᠷ ᠠᠩᠬᠢ ᠶᠢᠨ ᠠᠪᠤᠷᠠᠭᠴᠢ ᠪ ∙ ᠪᠤᠶᠡᠨᠬᠡᠰᠢᠭ ᠨᠠᠷ ᠮᠣᠩᠭᠣᠯ ᠤᠯᠤᠰ ᠤᠨ ᠬᠠᠮᠤᠭ ᠤᠨ ᠡᠮᠦᠨᠡᠲᠦ᠂ ᠬᠤᠢᠳᠤ᠂ ᠵᠡᠭᠦᠨ᠂ ᠪᠠᠷᠠᠭᠤᠨ ᠴᠡᠭ ᠲᠦ ᠤᠷᠤᠰᠢᠬᠤ ᠰᠤᠶᠤᠩᠪᠤᠲᠤ ᠪᠠᠭᠠᠨ᠎ᠠ ᠶᠢ ᠤᠯᠤᠰ ᠤᠨ ᠢᠶᠠᠨ ᠲᠥᠪ ᠴᠡᠭ ᠲᠡᠢ ᠬᠣᠯᠪᠣᠭᠰᠠᠨ 5000 ᠺᠢᠯᠣᠮᠧᠲ᠋ᠷ ᠵᠠᠮ ᠢ ᠭᠦᠶᠦᠵᠦ ᠲᠤᠭᠤᠯᠬᠤ ᠪᠠᠷ ᠥᠩᠭᠡᠷᠡᠭᠰᠡᠨ ᠳᠣᠯᠣᠭ᠎ᠠ ᠬᠣᠨᠣᠭ ᠲᠤ ᠨᠡᠢᠰᠯᠡᠯ ᠡᠴᠡ ᠭᠠᠷᠤᠭᠰᠠᠨ ᠪᠢᠯᠡ᠃ ᠲᠡᠭᠡᠪᠡᠯ ᠨᠠᠢ᠍ᠮᠠᠳᠤᠭᠠᠷ ᠡᠳᠦᠷ ᠦᠨ ᠪᠠᠢᠳᠠᠯ ᠢᠶᠠᠷ ᠲᠡᠳᠡ 330 ᠺᠢᠯᠣᠮᠧᠲ᠋ᠷ ᠵᠠᠮ ᠢ ᠲᠤᠭᠤᠯᠤᠭᠠᠳ ᠪᠠᠢᠨ᠎ᠠ᠃
ᠭᠦᠶᠦᠭ᠍ᠴᠢᠳ ᠢ ᠵᠠᠮ ᠤᠨ ᠲᠤᠷᠰᠢ ᠲᠠᠭᠠᠷᠠᠭᠰᠠᠨ ᠢᠷᠭᠡᠳ ᠬᠠᠯᠠᠭᠤᠨ ᠤᠮᠳᠠ ᠪᠠᠷ ᠳᠠᠢᠯᠠᠵᠤ᠂ ᠭᠡᠷ ᠲᠦ ᠪᠡᠨ ᠬᠣᠨᠣᠬᠤ ᠶᠢ ᠤᠷᠢᠵᠤ ᠪᠠᠢᠭ᠎ᠠ ᠠᠴᠠ ᠭᠠᠳᠠᠨ᠎ᠠ ᠳᠡᠮᠵᠢᠯᠭᠡ ᠦᠵᠡᠭᠦᠯᠬᠦ ᠪᠦᠯᠦᠭ ᠦᠨ ᠬᠢᠨ ᠮᠥᠨ ᠠᠵᠢᠯᠯᠠᠵᠤ ᠪᠠᠢᠭ᠎ᠠ ᠶᠤᠮ ᠪᠠᠢᠨ᠎ᠠ᠃ ᠲᠡᠳᠡᠨ ᠦ ᠲᠤᠭᠤᠯᠬᠤ ᠵᠠᠮ ᠤᠨ 2517 ᠺᠢᠯᠣᠮᠧᠲ᠋ᠷ ᠨᠢ ᠵᠠᠰᠠᠮᠠᠯ ᠵᠠᠮ ᠪᠣᠯ 2483 ᠺᠢᠯᠣᠮᠧᠲ᠋ᠷ ᠨᠢ ᠰᠢᠷᠤᠢ ᠶᠢᠨ ᠵᠠᠮ ᠪᠥᠭᠡᠳ 99 ᠬᠣᠨᠣᠭ ᠲᠤ ᠪᠠᠭᠲᠠᠭᠠᠨ ᠦᠨᠳᠦᠰᠦᠨ ᠦ ᠶᠡᠬᠡ ᠪᠠᠶᠠᠷ ᠨᠠᠭᠠᠳᠤᠮ ᠤᠨ ᠡᠮᠦᠨ᠎ᠡ ᠪᠠᠷᠢᠶᠠᠨ ᠳᠤ ᠤᠷᠤᠬᠤ ᠶᠤᠮ᠃
ᠣᠳᠬᠠᠨ 2025-04-14 202.131.240.147
ᠪᠠᠬᠠᠷᠬᠠᠵᠦ ᠪᠠᠢᠢᠮᠥᠢ