ᠮᠣᠩᠭᠣᠯ ᠤᠨ ᠰᠢᠷᠡᠭᠡᠨ ᠦ ᠲᠧᠨᠨᠢᠰ ᠤᠨ ᠬᠣᠯᠪᠣᠭᠠᠨ ᠠᠴᠠ ᠵᠣᠬᠢᠶᠠᠨ ᠪᠠᠢᠭᠤᠯᠳᠠᠭ ᠳᠡᠭᠡᠳᠦ ᠯᠢᠭ ᠦᠨ 17 ᠳ᠋ᠡᠬᠢ ᠤᠯᠠᠷᠢᠯ ᠤᠨ ᠬᠣᠶᠠᠳᠤᠭᠠᠷ ᠲᠣᠭᠣᠷᠢᠭ ᠤᠨ ᠲᠣᠭᠯᠠᠯᠲᠠ ᠨᠤᠭᠤᠳ ᠡᠬᠢᠯᠡᠵᠡᠢ᠃ ᠡᠨᠡ ᠵᠢᠯ ᠦᠨ ᠳᠡᠭᠡᠳᠦ ᠯᠢᠭ ᠦᠨ ᠬᠣᠶᠠᠳᠤᠭᠠᠷ ᠯᠢᠭ ᠦᠨ ᠣᠨᠴᠠᠯᠢᠭ ᠨᠢ ᠳᠡᠯᠡᠬᠡᠢ ᠶᠢᠨ ᠴᠢᠨᠰᠠᠭᠠᠨ ᠤ 23 ᠳ᠋ᠤᠭᠠᠷ ᠲᠤ ᠡᠷᠡᠮᠪᠡᠯᠡᠭ᠍ᠳᠡᠵᠦ ᠪᠠᠢᠭᠰᠠᠨ ᠬᠢᠲᠠᠳ ᠤᠨ ᠲᠠᠮᠢᠷᠴᠢᠨ ᠯᠢᠤ ᠹᠧᠢ 《ᠢᠲᠡᠭᠡᠯᠲᠦ ᠰᠠᠩᠬᠦᠦ》 ᠺᠯᠦ᠋ᠪ ᠲᠤ ᠨᠢᠭᠡᠳᠦᠭᠰᠡᠨ ᠶᠠᠪᠤᠳᠠᠯ ᠪᠠᠢᠯ᠎ᠠ᠃
ᠳᠡᠭᠡᠳᠦ ᠯᠢᠭ ᠦᠨ ᠬᠣᠶᠠᠳᠤᠭᠠᠷ ᠲᠣᠭᠣᠷᠢᠭ ᠤᠨ ᠲᠣᠭᠯᠠᠯᠲᠠ ᠡᠬᠢᠯᠡᠭᠰᠡᠨ ᠡᠴᠡ ᠬᠣᠢᠰᠢ ᠵᠢᠷᠭᠤᠭ᠎ᠠ ᠲᠣᠭᠯᠠᠬᠤ ᠳᠤ ᠪᠠᠨ ᠪᠦᠭᠦᠳᠡ ᠳᠦ ᠨᠢ ᠬᠣᠵᠢᠭᠰᠠᠨ ᠪᠥᠭᠡᠳ ᠢᠩᠭᠢᠬᠦ ᠳᠦ ᠪᠡᠨ ᠨᠢᠭᠡ ᠴᠤ ᠰᠧᠲ ᠠᠯᠳᠠᠯ ᠦᠭᠡᠢ ᠪᠦᠬᠦ ᠥᠷᠢᠰᠦᠯᠳᠦᠭᠴᠢ ᠪᠡᠨ 3᠄0 ᠢᠶᠡᠷ ᠪᠠᠭᠤᠯᠭᠠᠨ ᠠᠪᠴᠠᠢ᠃ ᠲᠡᠷᠡᠪᠡᠷ ᠥᠩᠭᠡᠷᠡᠭᠰᠡᠨ ᠵᠢᠯ ᠮᠠᠨ ᠤ ᠤᠯᠤᠰ ᠲᠤ ᠢᠷᠡᠵᠦ᠂ ᠬᠠᠮᠲᠤᠷᠠᠭᠰᠠᠨ ᠪᠡᠯᠡᠳᠬᠡᠯ ᠬᠢᠵᠦ ᠪᠠᠢᠭᠰᠠᠨ ᠶᠤᠮ᠃