ᠡᠮᠦᠨᠡᠲᠦ ᠰᠦᠳᠡᠨ ᠳ᠋ᠡᠬᠢ ᠶᠤᠨᠢᠲ᠋ᠢ ᠮᠤᠵᠢ ᠶᠢᠨ ᠪᠠᠷᠠᠭᠤᠨ ᠬᠤᠢᠳᠤ ᠬᠡᠰᠡᠭ ᠲᠦ ᠤᠷᠤᠰᠢᠬᠤ ᠠᠪᠢᠶᠧᠮᠨᠤᠮ ᠰᠠᠭᠤᠷᠢᠨ ᠳᠤ ᠡᠨᠡ ᠰᠠᠷ᠎ᠠ ᠳᠤ ᠵᠡᠪᠰᠡᠭᠲᠦ ᠬᠠᠯᠳᠠᠯᠭ᠎ᠠ ᠭᠠᠷᠤᠭᠰᠠᠨ ᠤ ᠤᠯᠠᠮ ᠠᠴᠠ ᠣᠯᠠᠨ ᠬᠦᠮᠦᠨ ᠳᠦᠷᠪᠡᠭᠡᠳ ᠪᠠᠢᠨ᠎ᠠ᠃ ᠵᠢᠭᠤᠳᠠᠬᠤ ᠪᠣᠯᠤᠮᠵᠢ ᠦᠭᠡᠢ ᠦᠯᠡᠳᠡᠭᠰᠡᠨ ᠥᠨᠳᠥᠷ ᠨᠠᠰᠤᠲᠠᠨ᠂ ᠬᠡᠦᠬᠡᠳ᠂ ᠡᠮᠡᠭᠲᠡᠢᠴᠦᠳ ᠨᠢᠭᠡᠳᠦᠭᠰᠡᠨ ᠦᠨᠳᠦᠰᠦᠨ ᠦ ᠪᠠᠢᠭᠤᠯᠤᠯᠭ᠎ᠠ ᠶᠢᠨ ᠡᠩᠬᠡ ᠶᠢ ᠰᠠᠬᠢᠭᠤᠯᠬᠤ ᠠᠵᠢᠯᠯᠠᠭᠠᠨ ᠳᠤ ᠡᠭᠦᠷᠭᠡ ᠭᠦᠢᠴᠡᠳᠭᠡᠵᠦ ᠪᠤᠢ ᠮᠣᠩᠭᠣᠯ ᠴᠡᠷᠢᠭ ᠦᠳ ᠡᠴᠡ ᠬᠠᠮᠠᠭᠠᠯᠠᠯᠲᠠ ᠬᠦᠰᠡᠵᠦ ᠣᠴᠢᠭᠰᠠᠨ ᠪᠠᠢᠨ᠎ᠠ᠃ ᠡᠩᠬᠡ ᠶᠢ ᠰᠠᠬᠢᠭᠤᠯᠤᠭᠴᠢᠳ ᠬᠠᠯᠳᠠᠯᠭ᠎ᠠ ᠳᠤ ᠥᠷᠲᠦᠭᠰᠡᠨ ᠨᠤᠲᠤᠭ ᠤᠨ ᠢᠷᠭᠡᠳ ᠢ ᠬᠦᠯᠢᠶᠡᠵᠦ ᠠᠪᠴᠤ᠂ 24 ᠴᠠᠭ ᠢᠶᠠᠷ ᠡᠷᠭᠢᠭᠦᠯ ᠳᠦ ᠭᠠᠷᠴᠤ ᠪᠠᠢᠨ᠎ᠠ᠃
ᠡᠨᠡ ᠲᠠᠯ᠎ᠠ ᠪᠠᠷ UNMISS ᠡᠩᠬᠡ ᠶᠢ ᠰᠠᠬᠢᠭᠤᠯᠬᠤ ᠠᠵᠢᠯᠯᠠᠭᠠᠨ ᠤ ᠺᠣᠮᠠᠨᠳᠠᠯᠠᠭᠴᠢ᠂ ᠬᠣᠰᠢᠭᠤᠴᠢ ᠳ ∙ ᠪᠣᠯᠣᠳᠪᠠᠭᠠᠲᠤᠷ᠄ ᠬᠤᠷᠴᠠᠳᠤᠮᠠᠯ ᠪᠠᠢᠳᠠᠯ ᠬᠡᠪ ᠢᠶᠡᠷ ᠪᠠᠢᠭ᠎ᠠ ᠤᠴᠢᠷ ᠠᠴᠠ ᠮᠣᠩᠭᠣᠯ ᠤᠨ 80 ᠡᠩᠬᠡ ᠶᠢ ᠰᠠᠬᠢᠭᠤᠯᠤᠭᠴᠢ ᠪᠡᠯᠡᠨ ᠪᠠᠢᠳᠠᠯ ᠳᠤ ᠪᠠᠢᠨ᠎ᠠ ᠭᠡᠰᠡᠨ ᠪᠠᠢᠨ᠎ᠠ᠃