《ᠮᠣᠩᠭᠣᠯ ᠴᠠᠲᠠᠨ》ᠰᠡᠳᠦᠪᠲᠦ ᠰᠢᠤᠳᠠᠨ ᠤ ᠮᠠᠷᠺ ᠭᠦᠢᠯᠭᠡᠭᠡᠨ ᠳᠦ ᠭᠠᠷᠤᠯ᠎ᠠ | News.MN

《ᠮᠣᠩᠭᠣᠯ ᠴᠠᠲᠠᠨ》ᠰᠡᠳᠦᠪᠲᠦ ᠰᠢᠤᠳᠠᠨ ᠤ ᠮᠠᠷᠺ ᠭᠦᠢᠯᠭᠡᠭᠡᠨ ᠳᠦ ᠭᠠᠷᠤᠯ᠎ᠠ

《ᠮᠣᠩᠭᠣᠯ ᠴᠠᠲᠠᠨ》 ᠰᠡᠳᠦᠪᠲᠦ ᠰᠢᠤᠳᠠᠨ ᠤ ᠮᠠᠷᠺ ᠥᠨᠥᠳᠥᠷ ᠡᠴᠡ ᠭᠦᠢᠯᠭᠡᠭᠡᠨ ᠳᠦ ᠭᠠᠷᠤᠯ᠎ᠠ᠃ ᠡᠨᠡ ᠬᠦ ᠰᠢᠤᠳᠠᠨ ᠤ ᠳᠥᠷᠪᠡᠨ ᠨᠡᠷ᠎ᠡ᠂ ᠨᠢᠭᠡ ᠪᠯᠣᠺ ᠮᠠᠷᠺ ᠲᠤ ᠴᠠᠲᠠᠨ ᠤ ᠨᠡᠭᠦᠳᠡᠯ᠂ ᠴᠠ ᠪᠤᠭᠤ ᠪᠠᠨ ᠤᠨᠤᠵᠤ ᠰᠤᠷᠭᠠᠭᠤᠯᠢ ᠳᠤ ᠪᠠᠨ ᠶᠠᠪᠤᠵᠤ ᠪᠤᠢ ᠬᠡᠦᠬᠡᠳ ᠦᠳ᠂ ᠴᠠᠲᠠᠨ ᠪᠥᠭᠡ᠂ ᠲᠠᠢᠭ᠎ᠠ ᠶᠢᠨ ᠠᠩᠴᠢᠨ ᠪᠣᠯᠤᠨ ᠴᠠᠲᠠᠨ ᠤ ᠤᠲᠤᠭ ᠢ ᠵᠢᠯ ᠦᠨ ᠳᠥᠷᠪᠡᠨ ᠤᠯᠠᠷᠢᠯ ᠢᠶᠠᠷ ᠵᠣᠬᠢᠶᠠᠮᠵᠢᠯᠠᠨ ᠬᠠᠷᠠᠭᠤᠯᠵᠠᠢ᠃

《ᠮᠣᠩᠭᠣᠯ ᠴᠠᠲᠠᠨ》 ᠳᠥᠷᠪᠡᠨ ᠨᠡᠷ᠎ᠡ ᠶᠢᠨ ᠮᠠᠷᠺ ᠢ 16 ᠮᠢᠩᠭᠠᠨ ᠰᠢᠷᠬᠡᠭ  ᠬᠡᠪᠯᠡᠵᠡᠢ᠃ 2024 ᠣᠨ ᠤ ᠬᠦᠮᠦᠨ ᠠᠮᠠ ᠶᠢᠨ ᠲᠣᠭᠠᠯᠠᠯᠭ᠎ᠠ ᠪᠠᠷ 200 ᠭᠠᠷᠤᠢ ᠬᠦᠮᠦᠨ ᠥᠪᠡᠷ ᠢ ᠪᠡᠨ 《ᠴᠠᠲᠠᠨ》 ᠭᠡᠵᠦ ᠪᠦᠷᠢᠳᠬᠡᠭᠦᠯᠵᠡᠢ᠃ ᠲᠡᠳᠡ 2800 ᠣᠷᠴᠢᠮ ᠴᠠ ᠪᠤᠭᠤ ᠮᠠᠯᠯᠠᠨ ᠠᠵᠤ  ᠲᠥᠷᠥᠵᠦ ᠪᠠᠢᠨ᠎ᠠ᠃

ᠰᠡᠳᠬᠢᠭᠳᠡᠯ ᠦᠯᠡᠳᠡᠭᠡᠬᠦ