2019 ᠣᠨ ᠤ ᠦᠶ᠎ᠡ ᠳᠦ ᠥᠪᠥᠷ ᠮᠣᠩᠭᠣᠯ ᠤᠨ ᠫᠧᠷᠰ ᠰᠤᠳᠤᠯᠤᠭᠠᠴᠢ ᠨ᠂ ᠴᠣᠭᠲᠤ︽ᠰᠤᠳᠤᠷ ᠤᠨ ᠴᠢᠭᠤᠯᠭᠠᠨ︾ ᠦ ᠨᠢᠭᠡᠳᠦᠭᠡᠷ ᠳᠡᠪᠲᠡᠷ ᠢ ᠠᠷᠪᠠᠨ ᠳᠣᠯᠣᠭᠠᠨ ᠵᠢᠯ ᠵᠠᠷᠤᠴᠠᠭᠤᠯᠵᠤ᠂ ᠣᠷᠴᠢᠭᠤᠯᠵᠤ ᠳᠠᠭᠤᠰᠬᠠᠯ᠎ᠠ ᠭᠡᠵᠦ ᠰᠣᠨᠣᠰᠴᠤ ᠪᠠᠢᠪᠠ᠃ ᠮᠥᠨ ᠮᠣᠩᠭᠣᠯ ᠤᠯᠤᠰ ᠤᠨ ᠭᠠᠳᠠᠭᠠᠳᠤ ᠬᠠᠷᠢᠯᠴᠠᠭᠠᠨ ᠤ ᠰᠠᠢᠳ ᠪᠠᠲᠤᠴᠠᠴᠠᠭ᠌ ᠳᠡᠳ᠋ ᠰᠠᠢᠳ ᠪᠠᠢᠬᠤ ᠳᠤ ᠪᠠᠨ 2018 ᠣᠨ ᠳᠤ ᠢᠷᠡᠠ ᠤᠯᠤᠰ ᠲᠤ ᠠᠵᠢᠯ ᠤᠨ ᠠᠢᠯᠴᠢᠯᠠᠯ ᠬᠢᠬᠦ ᠦᠶ᠎ᠡ ᠪᠠᠷ 《ᠰᠤᠳᠤᠷ ᠤᠨ ᠴᠢᠭᠤᠯᠭᠠᠨ》 ᠢ ᠫᠧᠷᠰ ᠬᠡᠯᠡᠨ ᠡᠴᠡ ᠣᠷᠴᠢᠭᠤᠯᠵᠤ᠂ ᠬᠡᠪᠯᠡᠬᠦ ᠠᠵᠢᠯ ᠢ ᠬᠡᠷᠡᠭ᠍ᠵᠢᠭᠦᠯᠬᠦ ᠪᠡᠷ ᠲᠣᠬᠢᠷᠠᠯᠴᠠᠭᠰᠠᠨ ᠪᠠᠢᠳᠠᠭ᠃ ᠲᠡᠭᠡᠪᠡᠯ ᠣᠷᠴᠢᠭᠤᠯᠭ᠎ᠠ ᠨᠢ 80 ᠣᠷᠴᠢᠮ ᠬᠤᠪᠢ ᠲᠠᠶ ᠪᠠᠢᠨ᠎ᠠ ᠭᠡᠰᠡᠨ ᠮᠡᠳᠡᠭᠡ ᠪᠠᠢᠨ᠎ᠠ᠃ ᠨᠡᠷᠡᠲᠤ ᠣᠷᠴᠢᠭᠤᠯᠤᠭ᠌ᠴᠢ ᠠᠺᠢᠮ ᠭᠤᠸᠠᠢ《ᠰᠤᠳᠤᠷ ᠤᠨ ᠴᠢᠭᠤᠯᠭᠠᠨ》 ᠭᠡᠪᠡᠯ ᠱᠠᠰᠢᠨ ᠤ ᠦᠨᠦᠷ ᠠᠮᠲᠠ ᠲᠠᠢ ᠪᠣᠯᠴᠢᠬᠠᠨ᠎ᠠ᠂ ᠮᠠᠨ ᠤ ᠬᠠᠭᠠᠳ ᠤᠨ ᠲᠡᠤᠬᠡ ᠪᠠᠨ《 ᠱᠠᠰᠲᠢᠷ ᠤᠨ ᠴᠢᠭᠤᠯᠭᠠᠨ》 ᠭᠡᠬᠦ ᠨᠢ ᠵᠥᠪ ᠭᠡᠬᠦ ᠰᠠᠨᠠᠯ ᠳᠡᠪᠰᠢᠭᠦᠯᠦᠭ᠍ᠰᠡᠨ ᠪᠠᠢᠳᠠᠭ᠃ ᠶᠠᠭ ᠡᠭᠦᠨ ᠲᠠᠢ ᠠᠳᠠᠯᠢ ᠨᠢᠭᠡ ᠲᠡᠤᠬᠡ ᠰᠣᠨᠢᠷᠬᠠᠭ᠌ᠴᠢ ᠶᠢᠨ ᠣᠬᠣᠷ ᠵᠣᠬᠢᠶᠠᠯ ᠢ ᠲᠠ ᠤᠯᠠᠨ ᠳᠤ ᠲᠠᠨᠢᠯᠴᠠᠭᠤᠯᠵᠤ ᠪᠠᠢᠨ᠎ᠠ᠃
1.ᠡᠨᠡ ᠨᠣᠮ ᠬᠡᠲᠦ ᠲᠣᠯᠤᠢ ᠶᠢᠨ ᠲᠠᠯ᠎ᠠ ᠶᠢ ᠪᠠᠷᠢᠳᠠᠭ᠃ ᠮᠥᠩᠬᠡ᠂ ᠬᠤᠪᠢᠯᠠᠢ᠂ ᠬᠦᠯᠡᠭᠦ︵ᠦᠯᠡᠭᠦ︶᠂ ᠠᠷᠭᠤᠨ᠂ ᠬᠠᠽᠠᠨ ᠨᠠᠷ ᠠᠴᠠ ᠮᠤᠨᠳᠠᠭ ᠬᠦᠮᠦᠨ ᠬᠣᠷᠸ᠎ᠠ ᠳᠤ ᠪᠠᠶᠢᠬᠤ ᠦᠭᠡᠢ᠃ ᠠᠷᠢᠭᠪᠤᠬ᠎ᠠ ᠰᠢᠭ᠋ ᠪᠦᠲᠦᠯ ᠦᠭᠡᠢ᠂ ᠣᠭᠤᠯ ᠬᠠᠢᠮᠢᠱ ᠰᠢᠭ᠋ ᠮᠠᠭᠤ ᠬᠦᠮᠦᠨ ᠦᠭᠡᠢ᠃ ᠰᠤᠷᠬᠠᠭᠲᠠᠨᠢ ᠬᠠᠲᠤᠨ ᠪᠣᠯ ᠡᠨᠡ ᠬᠣᠷᠸ᠎ᠠ ᠶᠢᠨ ᠬᠠᠮᠤᠭ ᠤᠨ ᠤᠬᠠᠭᠠᠨ ᠲᠠᠢ ᠡᠮᠡᠭᠲᠡᠢ ᠭᠡᠬᠦ ᠮᠡᠲᠦ ᠪᠡᠷ ᠪᠢᠴᠢᠭ᠍ᠰᠡᠨ ᠪᠠᠶᠢᠳᠠᠭ᠃ ᠠᠯᠲᠠᠨ ᠤᠷᠤᠭ ᠤᠨ ᠪᠤᠰᠤᠳ ᠬᠠᠨ ᠬᠦᠦ ᠨᠠᠷ ᠶᠣᠰᠣ ᠪᠤᠰᠤ ᠦᠢᠯᠡᠳᠦᠯ ᠭᠠᠷᠭᠠᠵᠤ ᠪᠠᠶᠢᠬᠤ ᠳᠤ᠂ ᠲᠣᠯᠤᠢ ᠶᠢᠨ ᠬᠡᠦᠬᠡᠳ ᠦᠳ ᠯᠠ ᠬᠤᠷᠠᠯᠳᠠᠢ ᠪᠣᠯᠭᠠᠨ ᠳᠤ ᠬᠠᠮᠤᠭ ᠤᠨ ᠶᠡᠬᠡᠮᠰᠦᠭ᠂ ᠰᠢᠯᠢᠳᠡᠭ ᠤᠳ ᠨᠢ ᠪᠠᠶᠢᠳᠠᠭ ᠭᠡᠬᠦ ᠮᠡᠲᠦ᠃
2.ᠡᠵᠡᠨᠳᠦ ᠭᠦᠷᠦᠨ ᠦ ᠢᠯ ᠬᠠᠭᠠᠨᠲᠤ ᠠᠴᠠ ᠪᠤᠰᠤᠳ ᠶᠡᠬᠡ ᠶᠤᠸᠠᠨ ᠵᠡᠷᠭᠡ ᠭᠠᠵᠠᠷ ᠪᠣᠯᠵᠤ ᠪᠤᠢ ᠵᠠᠷᠢᠮ ᠦᠢᠯᠡ ᠶᠠᠪᠤᠳᠠᠯ ᠤᠳ ᠢ ᠶᠡᠬᠡ ᠶᠡᠷᠦᠩᠬᠡᠢ᠂ ᠲᠣᠪᠴᠢᠯᠠᠨ ᠪᠢᠴᠢᠵᠠᠢ᠃ ᠭᠡᠬᠦ ᠳᠦ ᠪᠡᠨ ᠬᠥᠭᠡᠷᠦᠬᠦᠢ ᠶᠠᠭ ᠯᠠ ᠪᠤᠰᠤᠳ ᠰᠤᠷᠪᠤᠯᠵᠢ ᠲᠠᠢ ᠪᠠᠨ ᠲᠠᠭᠠᠷᠠᠳᠠᠭ᠃
3.ᠵᠠᠰᠠᠭ ᠤᠨ ᠭᠠᠵᠠᠷ ᠤᠨ ᠢᠶᠡᠨ ᠵᠠᠬᠢᠶᠠᠯᠠᠭ᠎ᠠ ᠪᠠᠷ ᠪᠢᠴᠢᠭᠰᠡᠨ ᠲᠥᠷᠦ ᠶᠢᠨ ᠲᠡᠦᠬᠡ ᠤᠴᠢᠷ ᠬᠡᠲᠦ ᠪᠤᠰᠤᠷᠮᠠᠭ ᠭᠡᠵᠦ ᠦᠵᠡᠭᠰᠡᠨ ᠲᠡᠦᠬᠡᠨ ᠮᠦᠴᠡ ᠨᠦᠭᠦᠳ ᠢ ᠰᠠᠨᠠᠭ᠎ᠠ ᠲᠠᠢ ᠪᠠᠷ ᠬᠠᠰᠤᠵᠠᠢ᠃ ᠵᠢᠱᠢᠶᠡᠯᠡᠪᠡᠯ ᠲᠡᠮᠦᠵᠢᠨ ᠬᠡᠷᠬᠢᠨ ᠪᠡᠭᠲᠡᠷ ᠢ ᠠᠯᠠᠭᠰᠠᠨ᠂ ᠭᠠᠶᠢᠬᠠᠯᠳᠤ ᠬᠠᠭᠠᠨ ᠤ ᠵᠠᠪᠬᠠᠶᠢᠷᠠᠯ ᠤᠳ ᠢ ᠳᠤᠷᠠᠳᠳᠠᠭ ᠦᠭᠡᠢ᠃
4.ᠬᠣᠪᠣᠷᠬᠠᠨ᠂ ᠥᠪᠡᠷ ᠦᠨ ᠢᠶᠡᠨ ᠡᠮᠦᠨ᠎ᠡ ᠨᠢ ᠪᠢᠴᠢᠭᠰᠡᠨ ᠶᠠᠭᠤᠮ᠎ᠠ ᠶᠢ ᠦᠭᠡᠶᠢᠰᠬᠡᠨ᠎ᠡ᠃ ᠡᠨᠡ ᠨᠢ ᠰᠢᠨ᠎ᠡ ᠮᠡᠳᠡᠭᠡᠯᠡᠯ ᠣᠯᠴᠢᠬᠠᠭᠠᠳ᠂ ᠡᠮᠦᠨᠡᠬᠢ ᠪᠡᠨ ᠵᠠᠰᠠᠬᠤ ᠪᠠᠨ ᠮᠠᠷᠲᠠᠭᠰᠠᠨ ᠬᠡᠷᠡᠭ ᠭᠡᠳᠡᠭ᠃
5.ᠷᠠᠰᠢᠳ᠋ ᠦᠨ ᠲᠣᠯᠤᠢ ᠶᠢᠨ ᠬᠡᠦᠬᠡᠳ ᠦᠳ ᠢ ᠮᠠᠭᠲᠠᠬᠤ ᠳᠦ ᠪᠡᠨ ᠬᠠᠮᠤᠭ ᠤᠨ ᠬᠡᠲᠦᠷᠡᠭᠦᠯᠦᠭᠰᠡᠨ ᠨᠢᠭᠡ ᠲᠣᠬᠢᠶᠠᠯᠳᠤᠯ ᠪᠠᠶᠢᠳᠠᠭ᠃ ᠲᠡᠷᠡ ᠨᠢ᠄ ᠮᠥᠩᠬᠡ ᠬᠠᠭᠠᠨ ᠰᠠᠭᠤᠭᠠᠳ ᠦᠭᠡᠳᠡᠢ ᠶᠢᠨ ᠤᠳᠤᠮ ᠤᠨ ᠬᠥᠪᠡᠭᠦᠳ ᠢ ᠥᠪᠡᠷ ᠦᠨ ᠢᠶᠡᠨ ᠵᠠᠯᠭᠠᠮᠵᠢᠯᠠᠭᠴᠢ ᠪᠠᠷ ᠲᠠᠯᠪᠢᠬᠦ ᠶᠢ ᠬᠦᠰᠡᠭᠰᠡᠨ ᠭᠡᠵᠦ ᠴᠠᠯᠴᠢᠭ᠌ᠰᠠᠨ ᠪᠠᠶᠢᠳᠠᠭ᠃ ᠮᠥᠩᠬᠡ ᠥᠪᠡᠷ ᠢᠶᠡᠨ ᠬᠠᠤᠯᠢ ᠪᠤᠰᠤ ᠪᠠᠷ᠂ ᠠᠷᠤ ᠶᠢᠨ ᠬᠠᠭᠠᠯᠭ᠎ᠠ ᠪᠠᠷ ᠬᠠᠭᠠᠨ ᠰᠠᠭᠤᠭᠠᠳ᠂ ᠬᠠᠤᠯᠢ ᠶᠣᠰᠣᠭᠠᠷ ᠬᠠᠭᠠᠨ ᠰᠢᠷᠡᠭᠡ ᠪᠡᠨ ᠠᠪᠬᠤ ᠭᠡᠰᠡᠨ ᠦᠭᠡᠳᠡᠢ ᠶᠢᠨ ᠲᠠᠯ᠎ᠠ ᠶᠢᠨ ᠪᠣᠰᠤᠯᠭ᠎ᠠ ᠶᠢ ᠳᠠᠯᠢᠮᠳᠠᠭᠤᠯᠵᠤ᠂ ᠥᠭᠡᠳᠡᠢ᠂ ᠴᠠᠭᠠᠳᠠᠢ ᠶᠢᠨ ᠤᠳᠤᠮ ᠤᠨ ᠮᠠᠰᠢ ᠣᠯᠠᠨ ᠳᠠᠶᠢᠰᠤᠩᠨᠠᠭᠰᠠᠨ ᠬᠠᠨ ᠬᠦᠦ᠂ ᠵᠠᠩᠵᠤᠳ ᠢ ᠬᠢᠲᠤᠵᠤ ᠪᠠᠶᠢᠭᠰᠠᠨ᠃ ᠡᠯᠵᠢᠭᠡᠲᠡᠢ ᠵᠠᠩᠵᠤᠨ᠂ ᠣᠭᠤᠯ ᠬᠠᠢᠮᠢᠱ ᠭᠡᠬᠦ ᠮᠡᠲᠦ᠃ ᠮᠥᠩᠬᠡᠰᠠᠷ ᠭᠡᠵᠦ ᠨᠣᠶᠠᠨ ᠭᠠᠭᠴᠠᠭᠠᠷ ᠢᠶᠠᠨ 77 ᠬᠦᠮᠦᠨ ᠠᠯᠠᠭᠰᠠᠨ ᠭᠡᠳᠡᠭ᠃ ᠥᠭᠡᠳᠡᠢ ᠶᠢᠨ ᠬᠠᠭᠠᠨ ᠵᠠᠯᠭᠠᠮᠵᠢᠯᠠᠭᠠᠷᠠᠢ ᠭᠡᠵᠦ ᠦᠯᠡᠳᠡᠭᠡᠭᠰᠡᠨ ᠰᠢᠷᠡᠮᠦᠨ ᠬᠠᠨ ᠬᠦᠦ ᠶᠢ ᠵᠢᠱᠢᠶᠡᠯᠡᠪᠡᠯ ᠬᠤᠪᠢᠯᠠᠢ ᠳᠤ ᠥᠭᠭᠦᠭᠡᠳ᠂ ᠲᠡᠷᠡ ᠨᠢ ᠴᠢᠮᠡᠭᠡ ᠦᠭᠡᠢ ᠨᠤᠬᠤᠭᠰᠠᠨ ᠪᠠᠶᠢᠳᠠᠭ᠃
︽ᠰᠤᠳᠤᠷ ᠤᠨ ᠴᠢᠭᠤᠯᠭᠠᠨ︾ᠮᠡᠳᠡᠭᠡᠵᠢ ᠶᠡᠷᠦᠩᠬᠡᠢ ᠳᠦ ᠪᠡᠨ ᠦᠨᠡᠨ᠃ ᠮᠡᠳᠡᠬᠦ ᠦᠭᠡᠢ᠂ ᠨᠢᠭᠤᠴᠠᠯᠢᠭ ᠪᠠᠶᠢᠭᠰᠠᠨ ᠣᠯᠠᠨ ᠲᠡᠦᠬᠡ ᠶᠢ ᠴᠤ ᠦᠭᠦᠯᠡᠨ᠎ᠡ᠃ ᠲᠣᠯᠤᠢ ᠶᠢᠨ ᠲᠠᠯ᠎ᠠ ᠶᠢ ᠡᠷᠭᠦᠬᠦ ᠡᠴᠡ ᠪᠤᠰᠤᠳ ᠲᠡᠦᠬᠡ ᠨᠦᠭᠦᠳ ᠨᠢ ᠶᠠᠭ ᠯᠠ ᠪᠠᠶᠢᠳᠠᠭ᠃ ᠨᠢᠭᠤᠴᠠ ᠲᠤᠪᠴᠢᠶᠠᠨ᠂ ᠳᠡᠯᠡᠬᠡᠢ ᠶᠢᠨ ᠪᠠᠶᠢᠯᠳᠤᠨ ᠳᠠᠭᠠᠭᠤᠯᠤᠭᠴᠢ ᠶᠢᠨ ᠲᠡᠦᠬᠡ ᠵᠡᠷᠭᠡ ᠰᠤᠷᠪᠤᠯᠵᠢ ᠨᠤᠭᠤᠳ ᠠᠴᠠ ᠬᠠᠭᠤᠯᠤᠭᠰᠠᠨ᠃ ᠪᠠᠰᠠ ᠣᠳᠣ ᠤᠯᠳᠠᠬᠤ ᠦᠭᠡᠢ ᠪᠠᠢᠭ᠎ᠠ︽ᠠᠯᠲᠠᠨ ᠳᠡᠪᠲᠡᠷ︾ᠭᠡᠵᠦ ᠮᠣᠩᠭᠣᠯ ᠬᠡᠯᠡᠳᠦ ᠰᠤᠷᠪᠤᠯᠵᠢ ᠠᠴᠠ ᠮᠠᠰᠢ ᠶᠡᠬᠡ ᠮᠡᠳᠡᠭᠡᠯᠡᠯ ᠠᠪᠤᠭᠰᠠᠨ ᠭᠡᠵᠦ ᠦᠵᠡᠳᠡᠭ᠃ ᠮᠣᠩᠭᠣᠯ ᠢᠵᠠᠭᠤᠷᠲᠠᠳ᠂ ᠵᠠᠩᠵᠤᠳ ᠲᠠᠢ ᠰᠢᠭᠤᠳ ᠠᠭᠤᠯᠵᠠᠭᠠᠳ᠂ ᠶᠠᠭᠤᠮ᠎ᠠ ᠠᠰᠠᠭᠤᠳᠠᠭ᠃ ᠲᠡᠭᠦᠨ ᠢ ᠨᠢ ᠢᠲᠡᠭᠡᠵᠦ ᠪᠣᠯᠤᠨ᠎ᠠ᠃ ᠭᠡᠬᠦ ᠳᠦ ᠪᠡᠨ ᠶᠠᠭ ᠲᠡᠷᠡ ᠦᠶ᠎ᠡ ᠶᠢᠨ ᠢᠶᠡᠨ ᠤᠯᠤᠰ ᠲᠥᠷᠦ ᠶᠢᠨ ᠨᠦᠬᠦᠴᠡᠯ ᠪᠠᠢᠳᠠᠯ ᠢ ᠵᠦᠪ ᠦᠨᠡᠯᠡᠭᠰᠡᠨ ᠪᠤᠯ ᠤᠤ᠃