ᠨᠡᠢᠰᠯᠡᠯ ᠦᠨ ᠬᠡᠮᠵᠢᠶᠡᠨ ᠳᠦ 10 ᠠᠵᠤ ᠠᠬᠤᠢ ᠨᠢᠭᠡᠴᠢ 8713 ᠲᠤᠨ ᠨᠥᠭᠡᠴᠡ ᠶᠢᠨ ᠮᠢᠬ᠎ᠠ ᠪᠡᠯᠡᠳᠬᠡᠨ᠂ ᠪᠡᠯᠡᠳᠬᠡᠭᠰᠡᠨ ᠮᠢᠬ᠎ᠠ ᠪᠠᠨ 446 ᠬᠦᠨᠡᠰᠦᠨ ᠦ ᠳᠡᠯᠭᠡᠭᠦᠷ ᠢᠶᠡᠷ ᠪᠣᠷᠣᠯᠠᠭᠤᠯᠵᠤ ᠪᠠᠢᠨ᠎ᠠ᠃ ᠨᠡᠢᠲᠡ ᠮᠢᠬᠠᠨ ᠤ 40 ᠬᠤᠪᠢ ᠶᠢ ᠦᠬᠡᠷ ᠦᠨ ᠮᠢᠬ᠎ᠠ᠂ 60 ᠬᠤᠪᠢ ᠶᠢ ᠬᠣᠨᠢᠨ ᠤ ᠮᠢᠬ᠎ᠠ ᠡᠵᠡᠯᠡᠵᠦ ᠪᠠᠢᠭ᠎ᠠ ᠠᠵᠠᠢ᠃ ᠨᠥᠭᠡᠴᠡ ᠶᠢᠨ ᠮᠢᠬ᠎ᠠ ᠶᠢ 2.5-3 ᠺᠢᠯᠦᠭ᠍ᠷᠡᠮ ᠪᠠᠢᠬᠤ ᠪᠠᠷ ᠰᠠᠪᠠᠯᠠᠭᠰᠠᠨ ᠪᠥᠭᠡᠳ ᠢᠷᠭᠡᠳ 13 ᠬᠤᠳᠠᠯᠳᠤᠨ ᠠᠪᠳᠠᠭ ᠪᠠᠢᠨ᠎ᠠ᠃