ᠶᠠᠷᠮᠠᠭ ᠠᠴᠠ ᠥᠨᠢᠷ ᠬᠣᠷᠢᠶᠠᠯᠠᠯ ᠤᠨ ᠴᠢᠭᠯᠡᠯ ᠦᠨ ᠳᠡᠭᠦᠵᠢᠩ ᠲᠡᠭᠡᠭᠡᠪᠦᠷᠢ ᠶᠢᠨ ᠤᠭᠰᠠᠷᠠᠬᠤ ᠠᠵᠢᠯ ᠢ ᠥᠩᠭᠡᠷᠡᠭᠰᠡᠨ 10- ᠦ ᠡᠳᠦᠷ ᠡᠴᠡ ᠡᠬᠢᠯᠡᠭᠦᠯᠵᠡᠢ᠃ ᠲᠤᠰ ᠴᠢᠭᠯᠡᠯ ᠳᠦ ᠳᠡᠭᠦᠵᠢᠩ ᠲᠡᠭᠡᠭᠡᠪᠦᠷᠢ ᠦᠢᠯᠡᠴᠢᠯᠡᠭᠡ ᠶᠢᠨ ᠳᠦ ᠶᠠᠪᠤᠵᠤ ᠡᠬᠢᠯᠡᠭᠰᠡᠨ ᠢᠶᠡᠷ ᠣᠷᠭᠢᠯ ᠴᠠᠭ ᠤᠨ ᠦᠶ᠎ᠡ ᠳᠦ 2320 ᠬᠥᠮᠦᠨ ᠲᠡᠭᠡᠭᠡᠪᠦᠷᠢᠯᠡᠬᠦ ᠬᠦᠴᠦᠨ ᠴᠢᠳᠠᠯ ᠲᠠᠢ ᠪᠥᠭᠡᠳ ᠲᠤᠰ ᠪᠦᠷᠢ 10 ᠬᠥᠮᠦᠨ ᠦ ᠪᠠᠭᠲᠠᠭᠠᠮᠵᠢ ᠲᠠᠢ ᠠᠴᠠ ᠭᠠᠳᠠᠨ᠎ᠠ ᠨᠡᠢᠲᠡ 98 ᠺᠠᠪᠢᠨ ᠲᠠᠢ ᠠᠵᠠᠢ᠃ ᠮᠥᠨ ᠶᠠᠷᠮᠠᠭ᠂ ᠠᠷᠴᠠᠲᠤ ᠠᠴᠠ ᠥᠨᠢᠷ ᠬᠣᠷᠢᠶᠠᠯᠠᠯ ᠴᠢᠭᠯᠡᠯ ᠳᠦ 22 ᠺᠢᠯᠣᠮᠧᠲ᠋ᠷ ᠴᠠᠭ ᠤᠨ ᠬᠤᠷᠳᠤ ᠲᠠᠢ ᠪᠠᠷ ᠵᠣᠷᠴᠢᠭᠴᠢᠳ ᠢ 11 ᠮᠢᠨᠦ᠋ᠲ ᠲᠦ ᠬᠦᠷᠭᠡᠬᠦ ᠪᠡᠷ ᠲᠥᠯᠥᠪᠯᠡᠵᠦ ᠪᠠᠢᠭ᠎ᠠ ᠶᠤᠮ᠃
Нэргүй 2025-03-14 66.181.189.239
10 – ᠤ ᠪᠢᠰᠢ 10 ᠤ ᠭᠡᠵᠦ ᠪᠢᠴᠢᠭᠡᠷᠡᠢ