ᠬᠡᠨᠲᠡᠢ ᠠᠢᠮᠠᠭ ᠤᠨ ᠪᠠᠶ᠎ᠠ-ᠣᠪᠣᠭ᠎ᠠ ᠰᠤᠮᠤᠨ ᠳᠤ ᠡᠨᠡ ᠰᠠᠷ᠎ᠠ 8- ᠤ ᠡᠳᠦᠷ ᠭᠠᠷᠤᠭᠰᠠᠨ ᠬᠡᠭᠡᠷ᠎ᠡ ᠶᠢᠨ ᠲᠦᠢᠮᠡᠷ ᠲᠠᠷᠬᠠᠵᠤ ᠣᠳᠣ ᠶᠢᠨ ᠪᠠᠢᠳᠠᠯ ᠢᠶᠠᠷ ᠳᠣᠷᠣᠨᠠᠲᠤ ᠠᠢᠮᠠᠭ ᠤᠨ ᠳᠥᠷᠪᠡᠨ ᠰᠤᠮᠤ ᠶᠢ ᠳᠠᠮᠵᠢᠨ ᠦᠷᠭᠦᠯᠵᠢᠯᠡᠵᠦ ᠪᠠᠢᠭ᠎ᠠ ᠠᠵᠠᠢ᠃ ᠲᠣᠳᠣᠷᠠᠭᠤᠯᠪᠠᠯ᠂ ᠤᠭ ᠭᠠᠯ ᠤᠨ ᠤᠯᠠᠮ ᠠᠴᠠ ᠬᠡᠨᠲᠡᠢ ᠠᠢᠮᠠᠭ ᠤᠨ ᠪᠠᠶ᠎ᠠ-ᠣᠪᠣᠭ᠎ᠠ ᠰᠤᠮᠤᠨ ᠳᠤ ᠲᠠᠪᠤᠨ ᠠᠢᠯ᠂ ᠳᠣᠷᠣᠨᠠᠲᠤ ᠠᠢᠮᠠᠭ ᠤᠨ ᠬᠥᠯᠥᠨᠪᠤᠢᠷ ᠰᠤᠮᠤᠨ ᠳᠤ 10 ᠭᠠᠷᠤᠢ ᠠᠢᠯ ᠰᠢᠲᠠᠵᠠᠢ᠃ ᠮᠥᠨ ᠳᠣᠷᠣᠨᠠᠲᠤ ᠠᠢᠮᠠᠭ ᠤᠨ 5 ᠰᠤᠮᠤ᠂ ᠬᠡᠨᠲᠡᠢ ᠠᠢᠮᠠᠭ ᠤᠨ 2 ᠰᠤᠮᠤ᠂ ᠰᠦᠬᠡᠪᠠᠭᠠᠲᠤᠷ ᠠᠢᠮᠠᠭ ᠤᠨ 2 ᠰᠤᠮᠤ᠂ ᠠᠷᠤᠬᠠᠩᠭᠠᠢ ᠠᠢᠮᠠᠭ ᠤᠨ 1 ᠰᠤᠮᠤᠨ ᠳᠤ ᠣᠢ ᠬᠡᠭᠡᠷ᠎ᠡ ᠶᠢᠨ ᠲᠦᠢᠮᠡᠷ ᠪᠦᠷᠢᠳᠬᠡᠭᠳᠡᠭᠰᠡᠨ ᠪᠠᠢᠨ᠎ᠠ᠃
Нэргүй 2025-03-14 66.181.189.239
8 – ᠤ ᠪᠢᠰᠢ 8 ᠤ ᠭᠡᠵᠦ ᠪᠢᠴᠢᠭᠡᠷᠡᠢ