ᠢᠲ᠋ᠠᠯᠢ ᠶᠢᠨ ᠲᠤᠷᠢᠨ ᠬᠣᠲᠠᠨ᠎ᠠ ᠬᠥᠰᠢᠭᠡ ᠪᠡᠨ ᠨᠡᠭᠡᠭᠡᠭ᠍ᠰᠡᠨ ᠡᠪᠦᠯ ᠤᠨ ᠲᠤᠰᠬᠠᠶ ᠣᠯᠢᠮᠫ ᠠᠴᠠ ᠮᠣᠩᠭᠣᠯ ᠤᠨ ᠪᠠᠭ ᠲᠠᠮᠢᠷᠴᠢᠳ ᠠᠩᠬᠠᠨ ᠤ ᠮᠸᠲᠠᠯ ᠢᠶᠠᠨ ᠬᠦᠷᠲᠡᠯ᠎ᠡ᠃ ᠲᠣᠳᠣᠷᠠᠭᠤᠯᠪᠠᠯ ᠂ ᠰᠨᠦ᠋ᠪᠤᠷᠳ᠋ ᠤᠨ ᠵᠢᠶᠠᠨᠲ ᠰᠯᠠᠯᠤᠮ ᠲᠥᠷᠥᠯ ᠳᠤ ᠠ∙ ᠠᠯᠲᠠᠨᠸᠴᠢᠷ ᠬᠦᠷᠡᠯ ᠮᠧᠳᠠᠯ ᠣᠯᠵᠤ᠂ ᠮᠣᠩᠭᠣᠯᠴᠤᠳ ᠤᠨ ᠮᠧᠳᠠᠯ ᠤᠨ ᠰᠠᠯᠬᠢ ᠶᠢ ᠬᠠᠭᠠᠯᠪᠠ ᠃ ᠲᠤᠷᠢᠨ ᠤ ᠨᠠᠭᠠᠳᠤᠮ ᠳᠤ ᠮᠠᠨ ᠤ ᠤᠯᠤᠰ ᠠᠴᠠ ᠰᠫᠣᠷᠲ ᠤᠨ ᠵᠢᠷᠭᠤᠭᠠᠨ ᠲᠥᠷᠥᠯ ᠳᠤ 24 ᠲᠠᠮᠢᠷᠴᠢᠨ ᠢᠶᠠᠨ ᠢᠯᠡᠭᠡᠭ᠍ᠰᠡᠨ ᠃ ᠡᠳᠦᠭᠡ 15 ᠨᠠᠰᠤᠲᠠᠢ ᠠ∙ ᠠᠯᠲᠠᠨᠸᠴᠢᠷ ᠨᠢ ᠨᠠᠯᠠᠢᠬᠤ ᠳᠡᠭᠦᠷᠭᠡ ᠳᠤ ᠠᠮᠢᠳᠤᠷᠠᠳᠠᠭ ᠂ ᠰᠨᠦ᠋ᠪᠤᠷᠳ᠋ ᠤᠨ ᠰᠫᠣᠷᠲ ᠢᠶᠠᠷ ᠬᠢᠴᠢᠶᠡᠯᠯᠡᠭᠡᠳ ᠬᠣᠶᠠᠷ ᠵᠢᠯ ᠪᠣᠯᠵᠤ ᠪᠤᠶ ᠪᠥᠭᠡᠳ ᠠᠩᠬᠠᠨ ᠤ ᠮᠧᠳᠠᠯ ᠨᠢ ᠡᠨᠡ ᠶᠤᠮ ᠃
ᠳᠥᠷᠪᠡᠨ ᠵᠢᠯ ᠲᠤᠲᠤᠮ ᠳᠤ ᠵᠣᠬᠢᠶᠠᠨ ᠪᠠᠢᠭᠤᠯᠳᠠᠭ ᠲᠤᠰᠬᠠᠶ ᠤᠯᠢᠮᠫᠢᠺ ᠤᠨ ᠨᠠᠭᠠᠳᠤᠮ ᠳᠤ 100 ᠣᠷᠣᠨ ᠤ 1500 ᠲᠠᠮᠢᠷᠴᠢᠨ ᠂ 1000 ᠪᠠᠭ᠌ᠰᠢ ᠳᠠᠰᠬᠠᠯᠵᠢᠭᠤᠯᠤᠭ᠌ᠴᠢ ᠂ 2000 ᠰᠠᠢᠨ ᠳᠤᠷ᠎ᠠ ᠶᠢᠨ ᠠᠵᠢᠯᠲᠠᠨ ᠂ 100 ᠣᠷᠴᠢᠮ ᠵᠠᠯᠠᠭᠤ ᠮᠠᠩᠯᠠᠢᠯᠠᠭ᠌ᠴᠢ ᠂ 500 ᠭᠡᠪᠯᠡᠯ ᠂ ᠮᠡᠳᠡᠭᠡᠯᠡᠯ ᠦᠨ ᠪᠠᠢᠭᠤᠯᠤᠯᠭ᠎ᠠ ᠶᠢᠨ ᠲᠥᠯᠦᠭᠡᠯᠡᠭ᠍ᠴᠢ ᠪᠤᠯᠦᠠ 1300 ᠭᠠᠷᠦᠢ ᠬᠦᠨᠳᠦᠲᠦ ᠵᠤᠴᠢᠠ ᠤᠷᠢᠯᠭ᠎ᠠ ᠪᠠᠷ ᠣᠷᠣᠯᠴᠠᠵᠤ ᠪᠠᠢᠭ᠎ᠠ ᠶᠤᠮ᠃