ᠳᠡᠭᠦᠵᠢᠩ ᠲᠡᠭᠡᠭᠡᠪᠦᠷᠢ ᠶᠢᠨ ᠤᠭᠰᠠᠷᠠᠯᠲᠠ ᠶᠢᠨ ᠠᠵᠢᠯ ᠡᠬᠢᠯᠡᠯ᠎ᠡ | News.MN

ᠳᠡᠭᠦᠵᠢᠩ ᠲᠡᠭᠡᠭᠡᠪᠦᠷᠢ ᠶᠢᠨ ᠤᠭᠰᠠᠷᠠᠯᠲᠠ ᠶᠢᠨ ᠠᠵᠢᠯ ᠡᠬᠢᠯᠡᠯ᠎ᠡ

ᠨᠡᠢᠰᠯᠡᠯ ᠤᠯᠠᠭᠠᠨᠪᠠᠭᠠᠲᠤᠷ ᠬᠣᠲᠠ ᠶᠢᠨ ᠠᠦ᠋ᠲ᠋ᠣ᠋ ᠵᠠᠮ ᠤᠨ ᠲᠦᠭ᠍ᠵᠢᠷᠡᠯ ᠢ ᠪᠠᠭᠤᠷᠠᠭᠤᠯᠬᠤ ᠵᠣᠷᠢᠯᠭ᠎ᠠ ᠲᠠᠢ ᠳᠡᠭᠦᠵᠢᠩ ᠵᠠᠮ ᠤᠨ ᠲᠡᠭᠡᠭᠡᠪᠦᠷᠢ  ᠶᠢᠨ ᠪᠠᠷᠢᠯᠭ᠎ᠠ ᠤᠭᠰᠠᠷᠠᠯᠲᠠ ᠶᠢᠨ ᠠᠵᠢᠯ ᠥᠨᠥᠳᠥᠷ ᠡᠬᠢᠯᠡᠯ᠎ᠡ ᠃

ᠲᠥᠰᠥᠯ ᠦᠨ ᠬᠣᠶᠠᠳᠤᠭᠠᠷ ᠱᠤᠭᠤᠮ ᠪᠣᠯᠬᠤ ᠶᠠᠭᠠᠷᠠᠮᠠᠭ᠂ ᠠᠷᠴᠠᠲᠤ᠂ ᠥᠨᠢᠷ ᠬᠣᠷᠢᠶᠠᠯᠠᠯ ᠴᠢᠭ᠍ᠯᠡᠯ  ᠳᠤ  ᠪᠠᠷᠢᠭ᠌ᠳᠠᠵᠤ  ᠪᠣᠢ  ᠡᠨᠡ ᠬᠦ ᠳᠡᠭᠦᠵᠢᠩ ᠲᠡᠭᠡᠭᠡᠪᠦᠷᠢ ᠦᠢᠯᠡᠴᠢᠯᠡᠭᠡᠨ ᠳᠤ ᠶᠠᠪᠤᠵᠤ ᠡᠬᠢᠯᠡᠪᠡᠯ ᠤᠷᠬᠢᠯ ᠴᠠᠭ ᠤᠨ ᠦᠶ᠎ᠡ ᠳᠤ 2320 ᠬᠥᠮᠦᠨ ᠲᠡᠭᠡᠭᠡᠪᠦᠷᠢᠯᠡᠬᠦ ᠪᠥᠭᠡᠳ 22 ᠺᠢᠯᠣᠮᠧᠲᠷ / ᠴᠠᠭ ᠤᠨ ᠬᠤᠷᠳᠤ ᠲᠠᠢ ᠪᠠᠷ ᠵᠣᠷᠢᠴᠢᠭ᠌ᠴᠢᠳ ᠢ 11 ᠮᠢᠨᠦ᠋ᠲ ᠲᠦ ᠬᠦᠷᠭᠡᠬᠦ ᠪᠡᠷ ᠲᠥᠯᠦᠪᠯᠡᠭ᠍ᠰᠡᠨ ᠪᠡᠢᠢᠨ᠎ᠡ ᠃ ᠶᠠᠭᠠᠷᠠᠮᠠᠭ ᠬᠠᠷᠠᠬᠣᠷᠢᠨ ᠴᠢᠭ᠍ᠯᠡᠯ ᠦᠨ ᠳᠡᠭᠦᠵᠢᠩ ᠵᠠᠮ ᠤᠨ ᠲᠡᠭᠡᠭᠡᠪᠦᠷᠢ 4.2 ᠺᠢᠯᠣᠮᠧᠲᠷ ᠤᠷᠲᠤ ᠲᠠᠢ ᠂ ᠬᠣᠶᠠᠷ ᠵᠣᠭᠰᠣᠭᠠᠯ ᠲᠠᠢ ᠂ 7.5-42 ᠮᠧᠲᠷ ᠦᠨ ᠦᠡᠳᠦᠷ ᠂ ᠨᠡᠢᠲᠡ 19 ᠲᠤᠯᠭᠠᠭᠤᠷᠢ ᠪᠠᠭᠠᠨ᠎ᠠ ᠲᠠᠢ ᠪᠡᠢᠢᠨ᠎ᠡ ᠃

ᠪᠠᠷᠢᠯᠭ᠎ᠠ ᠤᠭᠰᠠᠷᠠᠯᠲᠠ ᠶᠢᠨ ᠠᠵᠢᠯ ᠢ ᠡᠨᠡ ᠣᠨ ᠤ 12 ᠳ᠋ᠤᠭᠠᠷ ᠰᠠᠷ᠎ᠠ ᠳᠤ ᠪᠠᠭᠲᠠᠭᠠᠨ ᠳᠠᠭᠤᠰᠬᠠᠬᠤ ᠪᠥᠭᠡᠳ ᠦᠷᠭᠦᠯᠵᠢᠯᠡᠭᠦᠯᠦᠨ ᠭᠤᠷᠪᠠᠨ ᠰᠠᠷ᠎ᠠ ᠶᠢᠨ ᠬᠤᠭᠤᠴᠠᠭᠠᠨ ᠳᠤ ᠲᠤᠷᠰᠢᠯᠲᠠ ᠂  ᠲᠣᠬᠢᠷᠠᠭᠤᠯᠭ᠎ᠠ ᠬᠢᠭᠡᠳ ᠢᠷᠡᠬᠦ ᠣᠨ ᠤ ᠬᠣᠶᠠᠳᠤᠭᠠᠷ ᠤᠯᠠᠷᠢᠯ ᠳᠤ ᠠᠰᠢᠭ᠌ᠯᠠᠯᠲᠠ ᠳᠤ ᠣᠷᠣᠭᠤᠯᠤᠨ᠎ᠠ ᠃

ᠰᠡᠳᠬᠢᠭᠳᠡᠯ ᠦᠯᠡᠳᠡᠭᠡᠬᠦ