ᠪ ∙ ᠮᠢᠰᠢᠶᠡᠯ ᠢᠲ᠋ᠠᠯᠢ ᠶᠢᠨ ᠲᠡᠮᠡᠴᠡᠭᠡᠨ ᠳᠤ ᠲᠦᠷᠦᠭᠦᠯᠡᠵᠡᠢ | News.MN

ᠪ ∙ ᠮᠢᠰᠢᠶᠡᠯ ᠢᠲ᠋ᠠᠯᠢ ᠶᠢᠨ ᠲᠡᠮᠡᠴᠡᠭᠡᠨ ᠳᠤ ᠲᠦᠷᠦᠭᠦᠯᠡᠵᠡᠢ

ᠢᠲ᠋ᠠᠯᠢ ᠶᠢᠨ ᠸᠸᠷᠤᠨᠠ ᠬᠣᠲᠠ ᠳᠤ 100 ᠪᠠᠭᠤᠳᠠᠯᠲᠤ ᠳᠠᠭᠠᠮ ᠤᠨ《ᠸᠸᠷᠤᠨᠠ  ᠶᠢᠨ ᠴᠣᠮᠤ》ᠲᠡᠮᠡᠴᠡᠭᠡᠨ ᠪᠣᠯᠵᠤ᠂ ᠡᠮᠡᠭ᠍ᠲᠡᠢᠴᠦᠳ ᠤᠨ ᠠᠩᠭᠢᠯᠠᠯ ᠳᠤ ᠶᠡᠭᠡ ᠮᠠᠰᠲ᠋ᠧᠷ ᠪ∙ᠮᠢᠰᠢᠶᠡᠯ ᠲᠦᠷᠦᠭᠦᠯᠡᠵᠡᠢ᠃ ᠲᠡᠷᠡ ᠪᠡᠷ ᠳᠡᠯᠡᠬᠡᠢ ᠶᠢᠨ ᠠᠪᠤᠷᠭᠤ  ᠸᠢᠺᠲ᠋ᠤᠷᠢᠶ᠎ᠠ   ᠮᠤᠲᠷᠢᠴᠺᠤ ᠶᠢ ᠠᠷᠤ ᠳᠤ ᠪᠠᠨ ᠣᠷᠬᠢᠨ ᠲᠦᠷᠦᠭᠦᠯᠡᠭ᠍ᠰᠡᠨ ᠨᠢ ᠣᠨᠴᠤᠭᠤᠢ ᠠᠮᠵᠢᠯᠲᠠ ᠪᠠᠢᠪᠠ᠃ 29 ᠳ᠋ᠡᠬᠢ ᠤᠳᠠᠭ᠎ᠠ ᠪᠠᠨ ᠵᠣᠬᠢᠶᠠᠨ ᠪᠠᠢᠭᠤᠯᠤᠭᠰᠠᠨ ᠲᠤᠰ ᠲᠡᠮᠡᠴᠡᠭᠡᠨ ᠳᠤ ᠶᠢᠰᠤᠨ ᠣᠷᠣᠨ ᠤ 70 ᠲᠠᠮᠢᠷᠴᠢᠨ ᠥᠷᠢᠰᠦᠯᠳᠦᠭ᠍ᠰᠡᠨ ᠪᠡᠢᠨ᠎ᠡ ᠃

ᠪ ∙ᠮᠢᠰᠢᠶᠡᠯ 2016 ᠣᠨ ᠳᠤ ᠲᠦᠷᠺ ᠤᠯᠤᠰ ᠲᠤ ᠪᠣᠯᠣᠭᠰᠠᠨ ᠥᠰᠪᠦᠷᠢ ᠦᠶ᠎ᠡ ᠶᠢᠨ ᠬᠢᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠠᠴᠠ ᠪᠯᠢᠼ ᠲᠥᠷᠥᠯ ᠳᠤ ᠬᠦᠷᠡᠯ᠂ 2018 ᠣᠨ ᠳᠤ ᠪᠸᠯᠠᠷᠦ᠋ᠰ ᠲᠤ ᠪᠣᠯᠣᠭᠰᠠᠨ ᠥᠰᠪᠦᠷᠢ ᠂ ᠵᠠᠯᠠᠭᠤᠴᠤᠳ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠠᠴᠠ ᠮᠥᠩᠭᠥᠨ ᠮᠧᠳᠠᠯ ᠬᠦᠷᠲᠡᠵᠦ ᠪᠠᠢᠪᠠ ᠃

ᠰᠡᠳᠬᠢᠭᠳᠡᠯ ᠦᠯᠡᠳᠡᠭᠡᠬᠦ