ᠪᠦᠬᠦ ᠴᠡᠷᠢᠭ ᠦᠨ ᠶᠡᠬᠡ ᠬᠠᠷ᠎ᠠ ᠰᠦᠯᠳᠡ ᠳᠦ ᠬᠦᠨᠳᠦᠳᠬᠡᠯ ᠦᠵᠡᠭᠦᠯᠪᠡ | News.MN

ᠪᠦᠬᠦ ᠴᠡᠷᠢᠭ ᠦᠨ ᠶᠡᠬᠡ ᠬᠠᠷ᠎ᠠ ᠰᠦᠯᠳᠡ ᠳᠦ ᠬᠦᠨᠳᠦᠳᠬᠡᠯ ᠦᠵᠡᠭᠦᠯᠪᠡ

ᠪᠦᠬᠦ ᠴᠡᠷᠢᠭ ᠦᠨ ᠶᠡᠬᠡ ᠬᠠᠷ᠎ᠠ ᠰᠦᠯᠳᠡ ᠶᠢ ᠴᠠᠭᠠᠯᠠᠬᠤ ᠲᠠᠢᠯᠭ᠎ᠠ ᠶᠢᠨ ᠶᠣᠰᠣᠯᠠᠯ ᠪᠣᠯᠤᠯ᠎ᠠ᠃ ᠶᠣᠰᠣᠯᠠᠯ ᠳᠤ ᠪᠠᠲᠤᠯᠠᠨ ᠬᠠᠮᠠᠭᠠᠯᠠᠬᠤ ᠶᠢᠨ ᠰᠠᠢᠳ ᠰ∙ᠪᠢᠮᠪᠠᠴᠣᠭᠲᠤ ᠣᠷᠣᠯᠴᠠᠵᠠᠢ᠃

ᠲᠡᠭ᠍ᠷᠢ ᠵᠠᠶᠠᠭᠠᠲᠤ ᠴᠢᠩᠭᠢᠰ ᠬᠠᠭᠠᠨ ᠮᠣᠩᠭᠣᠯ ᠲᠤᠭᠤᠷᠭᠠᠲᠠᠨ ᠢ ᠨᠢᠭᠡᠳᠬᠡᠵᠦ᠂ ᠲᠥᠷᠥ  ᠤᠯᠤᠰ ᠢᠶᠠᠨ ᠲᠥᠪᠡᠬᠢᠨᠡᠭᠦᠯᠦᠨ ᠰᠦᠷ  ᠬᠦᠴᠦ ᠪᠡᠨ ᠪᠠᠳᠠᠷᠠᠭᠤᠯᠬᠤ ᠪᠠᠷ ᠮᠥᠩᠬᠡ ᠲᠩᠷᠢ ᠡᠴᠡ ᠢᠯᠡᠭᠡᠭᠰᠡᠨ ᠴᠡᠷᠢᠭ ᠦᠨ ᠬᠠᠷ᠎ᠠ ᠰᠦᠯᠳᠡ ᠪᠡᠨ ᠮᠣᠩᠭᠣᠯᠴᠤᠳ ᠴᠡᠷᠢᠭ ᠡᠷᠡᠰ ᠦᠨ ᠣᠶᠤᠨ ᠰᠠᠨᠠᠭ᠎ᠠ ᠶᠢ ᠨᠢᠭᠡᠳᠬᠡᠨ᠂ ᠵᠣᠷᠢᠭ ᠬᠦᠴᠦ ᠶᠢ ᠪᠠᠳᠠᠷᠠᠭᠤᠯᠤᠭᠴᠢ᠂ ᠬᠠᠨᠳᠤᠭᠰᠠᠨ ᠵᠦᠭ ᠲᠦ ᠪᠡᠨ ᠬᠠᠷᠭᠤᠯᠳᠤᠬᠤ ᠳᠠᠢᠰᠤᠨ ᠦᠭᠡᠢ ᠪᠣᠯᠭᠠᠭᠴᠢ ᠰᠢᠲᠦᠭᠡᠨ ᠪᠣᠯᠭᠠᠨ ᠲᠠᠬᠢᠵᠤ᠂ ᠬᠢᠳᠡᠭ ᠤᠯᠠᠮᠵᠢᠯᠠᠯ ᠲᠠᠢ᠃

ᠡᠨᠡ ᠬᠦ ᠶᠣᠰᠣᠯᠠᠯ  ᠢᠶᠡᠷ ᠡᠳᠦᠭᠡ ᠪᠠᠲᠤᠯᠠᠨ ᠬᠠᠮᠠᠭᠠᠯᠠᠬᠤ᠂ ᠵᠡᠪᠰᠡᠭᠲᠦ ᠬᠦᠴᠦᠨ ᠦ ᠨᠡᠢᠲᠡ ᠪᠡᠶ᠎ᠡ ᠪᠥᠷᠢᠯᠳᠦᠬᠦᠨ ᠪᠣᠯᠤᠨ ᠲᠢᠪ᠂ ᠳᠡᠯᠡᠬᠡᠢ ᠳᠦ ᠡᠩᠬᠡ ᠶᠢ ᠰᠠᠬᠢᠭᠤᠯᠬᠤ ᠡᠷᠬᠢᠮ ᠬᠦᠨᠳᠦᠲᠡᠢ ᠡᠭᠦᠷᠭᠡ ᠶᠢ ᠭᠦᠢᠴᠡᠳᠭᠡᠵᠦ ᠪᠤᠢ ᠡᠩᠬᠡ ᠶᠢ ᠰᠠᠬᠢᠭᠤᠯᠤᠭᠴᠢᠳ ᠤᠨ ᠢᠶᠠᠨ ᠦᠢᠯᠡ ᠬᠡᠷᠡᠭ᠂ ᠪᠤᠶᠠᠨ ᠵᠠᠶᠠᠭ᠎ᠠ ᠶᠢ ᠳᠠᠭᠠᠳᠬᠠᠳᠠᠭ ᠪᠢᠯᠡ᠃

 

ᠰᠡᠳᠬᠢᠭᠳᠡᠯ ᠦᠯᠡᠳᠡᠭᠡᠬᠦ