ᠭᠠᠨᠳᠠᠨᠳᠡᠭ᠍ᠴᠢᠯᠡᠨ ᠬᠡᠢᠢᠳ ᠤᠨ ᠲᠡᠷᠢᠬᠦᠠ ᠳ∙ ᠵᠢᠪᠽᠤᠨᠳᠤᠷᠵᠢ ᠴᠡᠭᠠᠠ ᠰᠠᠷ᠎ᠠ ᠶᠢᠨ ᠪᠠᠶᠠᠷ ᠢ ᠲᠣᠬᠢᠶᠠᠯᠳᠤᠭᠤᠯᠤᠨ ᠢᠷᠡᠬᠦ ᠰᠠᠷ᠎ᠠ ᠶᠢᠨ 7 ᠳᠤ ᠣᠯᠠᠨ ᠨᠡᠢᠲᠡ ᠳᠤ ᠨᠣᠮ ᠠᠢᠢᠯᠠᠳᠬᠤ ᠪᠠᠷ ᠪᠣᠯᠣᠭᠰᠠᠨ ᠢ ᠲᠤᠰ ᠬᠡᠢᠢᠳ ᠤᠨ ᠭᠡᠪᠯᠡᠯ ᠮᠡᠳᠡᠭᠡᠯᠡᠯ ᠂ ᠣᠯᠠᠨ ᠨᠡᠢᠲᠡ ᠲᠠᠢ ᠬᠠᠷᠢᠯᠴᠠᠬᠤ ᠭᠠᠵᠠᠷ ᠮᠡᠳᠡᠭᠡᠯᠡᠯ᠎ᠡ ᠃ ᠲᠡᠷᠢᠬᠦᠠ ᠬᠠᠮᠪᠤ ᠡᠬᠢᠨ ᠤ ᠬᠡᠰᠡᠭ ᠲᠤ ᠪᠤᠷᠬᠠᠨ ᠪᠠᠭ᠌ᠰᠢ ᠶᠢᠨ ᠨᠠᠮᠲᠠᠷ ᠂ ᠴᠠᠳᠢᠭ ᠤᠨ ᠲᠠᠯ᠎ᠠ ᠪᠠᠷ ᠠᠢᠯᠠᠳᠬᠤ ᠪᠣᠯ ᠳᠠᠷᠠᠭ᠎ᠠ ᠶᠢᠨ ᠬᠡᠰᠡᠭ ᠲᠤ ᠨᠠᠰᠤᠨ ᠤ ᠠᠪᠢᠰᠢᠭ᠌ ᠬᠦᠷᠲᠡᠭᠡᠬᠦ ᠶᠤᠮ ᠃ ᠮᠥᠨ ᠭᠤᠷᠪᠠᠳᠤᠭᠠᠷ ᠰᠠᠷ᠎ᠠ ᠶᠢᠨ 16 ᠣ ᠡᠳᠦᠷ ᠭᠠᠨᠳᠠᠨᠳᠡᠭ᠍ᠴᠢᠯᠡᠨ ᠬᠡᠢᠢᠳ ᠤᠨ ᠳᠡᠳ᠋ ᠬᠠᠮᠪᠤ ᠰ∙ ᠭᠠᠩᠲᠡᠮᠦᠷ ᠪᠤᠷᠬᠠᠨ ᠪᠠᠭ᠌ᠰᠢ ᠶᠢᠨ ᠰᠤᠷᠭᠠᠯ ᠨᠣᠮᠯᠠᠯ᠂ ᠬᠣᠭᠣᠰᠤᠨ ᠴᠢᠨᠠᠷ ᠤᠨ ᠴᠢᠬᠤᠯᠠ ᠦᠵᠡᠯ ᠢ ᠲᠠᠢᠯᠪᠤᠷᠢᠯᠠᠭᠰᠠᠨ 《ᠪᠢᠯᠢᠭᠦᠨ ᠤ ᠵᠢᠷᠦᠬᠡᠨ ᠰᠤᠳᠤᠷ 》ᠨᠣᠮ ᠢ ᠠᠢᠯᠠᠳᠤᠨ᠎ᠠ᠃ ᠭᠠᠨᠳᠠᠨᠳᠡᠭ᠍ᠴᠢᠯᠡᠨ ᠬᠡᠢᠢᠳ ᠴᠡᠭᠠᠠ ᠰᠠᠷ᠎ᠠ ᠶᠢ ᠤᠭᠲᠤᠨ 《ᠬᠠᠭᠤᠴᠢᠠ ᠨᠣᠮ ᠤᠨ ᠬᠤᠷᠠᠯ 》ᠬᠤᠷᠠᠵᠤ᠂ ᠰᠣᠷ ᠵᠠᠯᠠᠬᠤ ᠵᠠᠩ ᠦᠢᠯᠡ ᠶᠢ ᠦᠢᠯᠡᠳᠳᠡᠭ ᠪᠢᠯᠡ ᠃ ᠬᠠᠷᠢᠨ ᠰᠢᠨ᠎ᠡ ᠶᠢᠨ 1-15 ᠣ ᠬᠤᠭᠤᠷᠦᠡᠳᠦ ᠡᠳᠦᠷ ᠪᠦᠷᠢ ᠨᠣᠮ ᠬᠤᠷᠠᠳᠠᠭ ᠤᠯᠠᠮᠵᠢᠯᠠᠯ ᠲᠠᠢ ᠃