ᠵᠢᠯ ᠪᠦᠷᠢ ᠶᠢᠨ ᠭᠤᠷᠪᠠᠳᠤᠭᠠᠷ ᠰᠠᠷ᠎ᠠ ᠶᠢᠨ ᠡᠬᠢᠨ ᠤ ᠳᠣᠯᠣᠭ᠎ᠠ ᠬᠣᠨᠣᠭ ᠲᠤ《ᠮᠦᠽᠧᠢ ᠶᠢᠨ ᠨᠡᠭᠡᠭᠡᠯᠲᠡ ᠲᠠᠢ ᠡᠳᠦᠷ ᠤᠳ 》 ᠠᠷᠭ᠎ᠠ ᠭᠡᠮᠵᠢᠶ᠎ᠠ ᠣᠷᠣᠨ ᠳᠠᠶᠠᠭᠠᠷ ᠪᠣᠯᠳᠠᠭ ᠪᠢᠯᠡ᠃ ᠨᠡᠭᠡᠭᠡᠯᠲᠡ ᠲᠠᠢ ᠡᠳᠦᠷ ᠤᠳ ᠡᠨᠡ ᠵᠢᠯ ᠰᠠᠷ᠎ᠠ ᠰᠢᠨ᠎ᠡ ᠶᠢᠨ ᠠᠮᠠᠷᠠᠯᠲᠠ ᠲᠠᠢ ᠳᠠᠪᠬᠤᠴᠠᠵᠤ ᠪᠠᠢᠭ᠎ᠠ ᠪᠥᠭᠡᠳ ᠮᠦᠽᠧᠢ ᠶᠢᠨ ᠪᠠᠢᠭᠤᠯᠤᠯᠭ᠎ᠠ ᠨᠤᠭᠤᠳ ᠪᠡᠯᠡᠳᠬᠡᠯ ᠢᠶᠡᠨ ᠬᠠᠩᠭᠠᠵᠤ ᠂ ᠢᠷᠭᠡᠳ ᠢ ᠵᠦᠶ ᠵᠣᠬᠢᠰᠲᠠᠢ ᠦᠢᠯᠡᠴᠢᠯᠡᠭᠦᠯᠬᠦ ᠶᠢ ᠤᠷᠢᠶᠠᠯᠠᠵᠤ ᠡᠬᠢᠯᠡᠯ᠎ᠡ᠃ ᠲᠤᠬᠠᠢᠯᠠᠪᠠᠯ ᠂《ᠴᠢᠩᠭᠢᠰ ᠬᠠᠭᠠᠨ》ᠦᠨᠳᠦᠰᠦᠨ ᠤ ᠮᠦᠽᠧᠶ ᠣᠯᠠᠨ ᠬᠦᠮᠦᠠ ᠲᠠᠢ ᠦᠶ᠎ᠡ ᠳᠤ ᠬᠡᠦᠬᠡᠳ ᠢᠶᠡᠨ ᠳᠠᠭᠠᠭᠤᠯᠵᠤ ᠢᠷᠡᠬᠦ ᠳᠤ ᠪᠠᠨ ᠡᠴᠢᠭᠡ ᠡᠬᠡᠴᠦᠳ᠂ ᠪᠠᠭ᠌ᠰᠢ ᠨᠠᠷ ᠠᠩᠬᠠᠷᠤᠯ ᠪᠣᠯᠭᠣᠮᠵᠢ ᠲᠠᠢ ᠪᠠᠢᠵᠤ ᠂ ᠬᠡᠦᠬᠡᠳ ᠦᠨ ᠢᠶᠡᠨ ᠠᠶᠤᠯᠭᠦᠢ ᠪᠠᠢᠳᠠᠯ ᠢ ᠬᠠᠩᠭᠠᠬᠤ ᠶᠢ ᠰᠠᠨᠠᠭᠤᠯᠪᠠ᠃ ᠤᠴᠢᠷ ᠨᠢ ᠮᠦᠽᠧᠢ ᠶᠢᠨ ᠪᠦᠳᠦᠠ ᠵᠢᠯ ᠦᠨ ᠦᠵᠡᠭ᠍ᠴᠢᠳ ᠲᠠᠢ ᠲᠡᠩᠴᠡᠬᠦ ᠲᠣᠭᠠᠨ ᠤ ᠢᠷᠭᠡᠳ ᠡᠨᠡ ᠡᠳᠦᠷ ᠦᠳ ᠢᠶᠡᠷ ᠮᠦᠽᠧᠶ ᠦᠵᠡᠳᠡᠭ ᠪᠥᠭᠡᠳ ᠠᠴᠢᠶᠠᠯᠠᠯ ᠬᠡᠲᠦ ᠶᠡᠬᠡᠰᠴᠦ᠂ ᠦᠵᠡᠮᠦᠷᠢ ᠶᠢᠨ ᠬᠠᠳᠠᠭᠠᠯᠠᠯᠲᠠ᠂ ᠬᠠᠮᠡᠭᠠᠯᠡᠯᠳᠠ ᠠᠯᠳᠠᠭᠳᠠᠬᠤ ᠡᠷᠡᠰᠳᠡᠯ ᠲᠠᠢ ᠲᠤᠯᠭᠠᠷᠠᠳᠠᠭ ᠪᠡᠢᠢᠨ᠎ᠡ ᠃ ᠲᠡᠢᠮᠦ ᠡᠴᠡ ᠬᠡᠦᠬᠡᠳ ᠦᠳ ᠪᠤᠰᠤᠳ ᠡᠳᠦᠷ ᠤᠳ ᠲᠤ ᠠᠩᠭᠢ ᠪᠠᠷ ᠢᠶᠠᠨ᠂ ᠨᠠᠢᠵᠠ ᠨᠠᠷ ᠲᠠᠢ ᠪᠠᠨ᠂ ᠭᠠᠭᠴᠠᠭᠠᠷ ᠢᠶᠠᠨ ᠬᠡᠳᠦᠢ ᠳᠤ ᠴᠤ᠂ ᠬᠡᠳᠦᠨ ᠴᠤ ᠤᠳᠠᠭ᠎ᠠ ᠢᠯᠡᠬᠦᠦ ᠲᠤᠬᠠᠲᠠᠶ ᠦᠵᠡᠵᠦ ᠪᠣᠯᠬᠤ ᠠᠴᠠ ᠭᠠᠳᠡᠨ᠎ᠡ《ᠮᠦᠽᠧᠢ ᠳᠦ ᠰᠣᠷᠣᠯᠴᠠᠬᠤᠢ》ᠪᠣᠯᠪᠠᠰᠤᠷᠠᠯ ᠤᠨ ᠬᠦᠲᠦᠯᠪᠦᠷᠢ ᠳᠤ ᠬᠠᠮᠤᠷᠤᠭᠳᠠᠬᠤ ᠪᠣᠯᠣᠮᠵᠢ ᠲᠠᠢ ᠃
2024 ᠣᠨ ᠤ《ᠮᠦᠽᠧᠢ ᠶᠢᠨ ᠨᠡᠭᠡᠭᠡᠯᠲᠡ ᠲᠠᠢ ᠡᠳᠦᠷ ᠤᠳ 》ᠪᠤᠶᠤ ᠲᠠᠪᠤ ᠬᠣᠨᠣᠭ ᠤᠨ ᠬᠤᠭᠤᠴᠠᠭᠠᠨ ᠳᠤ ᠲᠥᠷᠦ ᠶᠢᠨ ᠪᠤᠯᠦᠠ ᠣᠷᠣᠨ ᠨᠤᠲᠤᠭ ᠤᠨ 35ᠮᠦᠽᠸᠢ ᠪᠡᠷ 87936 ᠬᠥᠮᠦᠨ ᠣᠴᠢᠵᠠᠢ ᠃