ᠮᠣᠩᠭᠣᠯ᠂ ᠪᠷᠢᠲ᠋ᠠᠨ ᠤ ᠪᠢᠽᠨᠧᠰ ᠠᠭᠤᠯᠵᠠᠯᠲᠠ ᠳᠤ 70 ᠭᠠᠷᠦᠢ ᠲᠥᠯᠦᠭᠡᠯᠡᠯ ᠣᠷᠣᠯᠴᠠᠯ᠎ᠠ | News.MN

ᠮᠣᠩᠭᠣᠯ᠂ ᠪᠷᠢᠲ᠋ᠠᠨ ᠤ ᠪᠢᠽᠨᠧᠰ ᠠᠭᠤᠯᠵᠠᠯᠲᠠ ᠳᠤ 70 ᠭᠠᠷᠦᠢ ᠲᠥᠯᠦᠭᠡᠯᠡᠯ ᠣᠷᠣᠯᠴᠠᠯ᠎ᠠ

ᠮᠣᠩᠭᠣᠯ ᠪᠷᠢᠲ᠋ᠠᠨ ᠤ ᠳᠤᠭᠤᠶ ᠰᠢᠷᠡᠭᠡᠨ ᠦ ᠠᠷᠪᠠᠨ ᠲᠠᠪᠤᠳᠤᠭᠠᠷ ᠠᠭᠤᠯᠵᠠᠯᠲᠠ ᠶᠢᠨ ᠦᠶ᠎ᠡ ᠳᠤ《ᠪᠷᠢᠲ᠋ᠠᠨ ᠤ ᠲᠤᠷᠰᠢᠯᠭ᠎ᠠ ᠶᠢ ᠮᠣᠩᠭᠣᠯ ᠳᠤ ᠨᠡᠪᠲᠡᠷᠡᠭᠦᠯᠬᠦ ᠪᠣᠯᠣᠮᠵᠢ  ᠨᠤᠭᠤᠳ》ᠪᠢᠽᠨᠧᠰ ᠠᠭᠤᠯᠵᠠᠯᠲᠠ  ᠪᠣᠯᠵᠤ᠂《ᠮᠣᠩᠭᠣᠯ ᠤᠯᠤᠰ ᠤᠨ ᠬᠤᠳᠠᠯᠳᠤᠭ᠎ᠠ᠂ᠬᠥᠷᠥᠩᠭᠡ ᠣᠷᠤᠭᠤᠯᠤᠯᠲᠠ ᠶᠢᠨ ᠣᠷᠴᠢᠨ 》᠂《ᠮᠣᠩᠭᠣᠯ ᠤᠯᠤᠰ ᠤᠨ ᠬᠥᠭ᠍ᠵᠢᠯ ᠤᠨ ᠵᠣᠷᠢᠯᠲᠠ ᠨᠤᠭᠤᠳ ᠢ ᠬᠡᠷᠡᠭ᠍ᠵᠢᠭᠦᠯᠬᠦ ᠳᠤ ᠶᠡᠭᠡ ᠪᠷᠢᠲ᠋ᠠᠨ ᠂ ᠤᠮᠠᠷᠠᠲᠤ ᠠᠢᠷᠯᠠᠨᠳ᠋ ᠤᠨ ᠨᠢᠭᠡᠳᠦᠭ᠍ᠰᠡᠨ ᠬᠠᠭᠠᠨᠲᠤ ᠤᠯᠤᠰ ᠤᠨ ᠦᠵᠡᠭᠦᠯᠬᠦ ᠳᠡᠮᠵᠢᠯᠭᠡ᠂ ᠪᠣᠯᠣᠮᠵᠢ》ᠵᠡᠷᠭᠡ ᠰᠡᠳᠦᠪ ᠢᠶᠡᠷ ᠬᠡᠯᠡᠯᠴᠡᠭᠦᠯᠭᠡ ᠵᠣᠬᠢᠶᠠᠨ ᠪᠠᠢᠭᠤᠯᠵᠤ᠂ ᠬᠣᠶᠠᠷ ᠤᠯᠤᠰ ᠤᠨ ᠪᠢᠽᠨᠧᠰ ᠦᠨ ᠣᠷᠴᠢᠨ ᠢ ᠰᠠᠢᠢᠵᠢᠷᠠᠭᠤᠯᠬᠤ ᠪᠣᠯᠣᠮᠵᠢ ᠨᠤᠭᠤᠳ ᠤᠨ ᠲᠠᠯ᠎ᠠ ᠪᠠᠷ ᠰᠠᠨᠠᠯ ᠰᠣᠯᠢᠯᠴᠠᠯ᠎ᠠ᠃

ᠮᠣᠩᠭᠣᠯ ᠤᠯᠤᠰ ᠠᠴᠠ  ᠶᠡᠬᠡ ᠪᠷᠢᠲ᠋ᠠᠨ ᠳᠤ ᠰᠠᠭᠤᠭ᠎ᠠ ᠡᠯᠴᠢᠨ ᠰᠠᠢᠳ ᠤᠨ ᠶᠠᠮᠤᠨ ᠂ ᠪᠷᠢᠲ᠋ᠠᠨ ᠤ《British Expertise International》ᠪᠠᠢᠭᠤᠯᠤᠯᠭ᠎ᠠ ᠂ ᠯᠣᠨᠳᠣᠨ ᠳ᠋ᠡᠬᠢ ᠮᠣᠩᠭᠣᠯ ᠪᠷᠢᠲ᠋ᠠᠨ ᠤ ᠬᠤᠳᠠᠯᠳᠤᠭᠠᠨ ᠤ ᠲᠠᠩᠬᠢᠮ ᠬᠠᠮᠲᠤᠷᠠᠨ ᠵᠣᠬᠢᠶᠠᠨ ᠪᠠᠢᠭᠤᠯᠤᠭᠰᠠᠨ ᠤᠭ ᠠᠭᠤᠯᠵᠠᠯᠲᠠ ᠳᠤ 70 ᠭᠠᠷᠦᠢ ᠠᠵᠤ ᠠᠬᠤᠢ ᠶᠢᠨ ᠨᠢᠭᠡᠴᠢ᠂ ᠪᠢᠽᠨᠧᠰ ᠦᠨ ᠪᠠᠢᠭᠤᠯᠤᠯᠭ᠎ᠠ ᠶᠢᠨ ᠲᠥᠯᠦᠭᠡᠯᠡᠯ ᠣᠷᠣᠯᠴᠠᠯ᠎ᠠ ᠃

ᠰᠡᠳᠬᠢᠭᠳᠡᠯ ᠦᠯᠡᠳᠡᠭᠡᠬᠦ