ᠮᠣᠩᠭᠣᠯ ᠂ ᠶᠠᠫᠤᠨ ᠬᠣᠭᠤᠷᠤᠨᠳᠤ ᠶᠢᠨ ᠲᠡᠭᠡᠭᠡᠪᠦᠷᠢ ᠯᠤᠭᠢᠰᠲ᠋ᠢᠺ  ᠢ ᠡᠷᠴᠢᠮᠵᠢᠭᠦᠯᠬᠦ ᠳᠦ ᠠᠩᠬᠠᠷᠤᠨ᠎ᠠ | News.MN

ᠮᠣᠩᠭᠣᠯ ᠂ ᠶᠠᠫᠤᠨ ᠬᠣᠭᠤᠷᠤᠨᠳᠤ ᠶᠢᠨ ᠲᠡᠭᠡᠭᠡᠪᠦᠷᠢ ᠯᠤᠭᠢᠰᠲ᠋ᠢᠺ  ᠢ ᠡᠷᠴᠢᠮᠵᠢᠭᠦᠯᠬᠦ ᠳᠦ ᠠᠩᠬᠠᠷᠤᠨ᠎ᠠ

ᠮᠣᠩᠭᠣᠯ ᠤᠯᠤᠰ ᠤᠨ ᠶᠡᠭᠡ ᠬᠤᠷᠠᠯ ᠤᠨ ᠭᠡᠰᠢᠭᠦᠳ ᠦᠨ ᠲᠥᠯᠦᠭᠡᠯᠡᠯ︵ᠰ∙ ᠡᠷᠳᠡᠨᠢᠪᠣᠯᠣᠳ ᠂ ᠪ ∙ ᠪᠠᠶᠠᠷᠪᠠᠭᠠᠲᠤᠷ᠂ ᠳ᠎∙ ᠦᠷᠦᠨᠲᠤᠶᠠᠭ᠎ᠠ᠂ ᠭ ∙ ᠤᠶᠠᠨᠬᠡᠰᠢᠭ ᠂ ᠪ ∙ ᠪᠠᠲᠤᠪᠠᠭᠠᠲᠤᠷ᠂ ᠭ ∙ ᠬᠣᠣᠰᠪᠠᠶᠠᠷ᠂ ᠨ᠎∙ ᠪᠠᠲᠤᠰᠦ᠋ᠮᠪᠦᠷᠡᠯ ᠨᠠᠷ ︶ᠬᠣᠶᠠᠷ ᠤᠯᠤᠰ ᠤᠨ ᠬᠤᠳᠠᠯᠳᠤᠭᠠᠨ ᠤ ᠡᠷᠭᠢᠯᠲᠡ᠂ ᠲᠡᠭᠦᠨ ᠳᠤ ᠭᠣᠣᠯ ᠨᠦᠯᠤᠬᠡ ᠦᠵᠡᠭᠦᠯᠬᠦ ᠲᠡᠭᠡᠭᠡᠪᠦᠷᠢ ᠯᠤᠭᠢᠰᠲ᠋ᠢᠺ  ᠤᠨ ᠪᠣᠯᠣᠮᠵᠢ ᠶᠢ ᠠᠬᠢᠭᠤᠯᠬᠤ ᠂ ᠪᠣᠳᠣᠯᠭ᠎ᠠ ᠶᠢᠨ ᠣᠨᠤᠪᠴᠢᠲᠠᠢ ᠰᠢᠢᠳᠦᠯ ᠪᠣᠯᠪᠠᠰᠤᠷᠠᠭᠤᠯᠬᠤ ᠳᠤ ᠲᠤᠷᠰᠢᠯᠭ᠎ᠠ ᠰᠣᠯᠢᠯᠴᠠᠬᠤ ᠵᠣᠷᠢᠯᠭ᠎ᠠ ᠪᠠᠷ ᠶᠠᠫᠤᠨ ᠤᠯᠤᠰ ᠤᠨ ᠲᠤᠤᠺᠢᠣ᠋ ᠬᠣᠲᠠ ᠳᠤ ᠠᠵᠢᠯᠯᠠᠪᠠ ᠃

ᠮᠣᠩᠭᠣᠯ ᠤᠯᠤᠰ ᠤᠨ ᠭᠠᠳᠠᠭᠠᠳᠤ ᠬᠠᠷᠢᠯᠴᠠᠭᠠᠨ ᠤ ᠶᠠᠮᠤᠨ ᠂ ᠶᠠᠫᠤᠨ ᠤᠯᠤᠰ ᠤᠨ 《 ᠨᠢᠫᠫᠣᠨ ᠰᠠᠩ 》᠎  ᠠᠴᠠ ᠬᠠᠮᠲᠤᠷᠠᠨ ᠰᠠᠨᠠᠭᠠᠴᠢᠯᠠᠵᠤ ᠵᠣᠬᠢᠶᠠᠨ ᠪᠠᠢᠭᠤᠯᠤᠭᠰᠠᠨ ᠲᠤᠰ ᠬᠥᠲᠥᠯᠪᠦᠷᠢ ᠶᠢᠨ ᠬᠦᠷᠢᠶᠡᠨ ᠳᠤ ᠶᠠᠫᠤᠨ ᠤᠯᠤᠰ ᠤᠨ ᠫᠠᠷᠯᠠᠮᠸᠨ᠋ᠲ ᠪᠤᠯᠦᠠ ᠵᠠᠰᠠᠭ ᠤᠨ ᠭᠠᠵᠠᠷ ᠤᠨ ᠬᠤᠯᠪᠦᠬᠳᠡᠬᠤ ᠶᠠᠮᠤᠳ᠂ ᠪᠣᠳᠤᠯᠭ᠎ᠠ ᠪᠣᠯᠪᠠᠰᠤᠷᠠᠭᠤᠯᠤᠭ᠌ᠴᠢᠳ ᠂ ᠰᠢᠢᠳᠪᠦᠷᠢ ᠭᠠᠷᠭᠠᠭ᠌ᠴᠢᠳ ᠲᠠᠢ ᠠᠵᠢᠯ ᠬᠡᠷᠡᠭ ᠦᠨ ᠠᠭᠤᠯᠵᠠᠯᠲᠠ  ᠬᠢᠪᠡ ᠃ ᠮᠥᠨ ᠲᠡᠭᠡᠭᠡᠪᠦᠷᠢ ᠯᠤᠭᠢᠰᠲ᠋ᠢᠺ ᠂ ᠪᠣᠭᠤᠮᠲᠠ ᠶᠢᠨ ᠲᠡᠷᠢᠭᠦᠯᠡᠬᠦ ᠲᠧᠭ᠍ᠨᠣᠯᠣᠭᠢ ᠶᠢᠨ ᠴᠢᠭ᠍ᠯᠡᠯ ᠢᠶᠡᠷ ᠳᠡᠯᠡᠬᠡᠢ ᠳᠤ ᠥᠷᠢᠰᠦᠯᠳᠦᠭ᠍ᠴᠢ ᠲᠣᠮᠤᠬᠠᠨ ᠪᠠᠢᠭᠤᠯᠤᠯᠭ᠎ᠠ ᠨᠤᠭᠤᠳ ᠢᠶᠠᠷ ᠵᠣᠴᠢᠯᠠᠨ ᠂ ᠲᠤᠷᠰᠢᠯᠭ᠎ᠠ ᠰᠤᠳᠤᠯᠪᠠ ᠃

ᠰᠡᠳᠬᠢᠭᠳᠡᠯ ᠦᠯᠡᠳᠡᠭᠡᠬᠦ