ᠡ᠊᠎∙ ᠴᠡᠨᠳᠡᠪᠠᠭᠠᠲᠤᠷ ᠳᠡᠯᠡᠬᠡᠢ ᠶᠢᠨ ᠴᠢᠨᠰᠠᠭ᠎ᠠ ᠶᠢᠨ 16 ᠳ᠋ᠤᠭᠠᠷ ᠲᠤ ᠵᠢᠭ᠌ᠰᠠᠯ᠎ᠠ | News.MN

ᠡ᠊᠎∙ ᠴᠡᠨᠳᠡᠪᠠᠭᠠᠲᠤᠷ ᠳᠡᠯᠡᠬᠡᠢ ᠶᠢᠨ ᠴᠢᠨᠰᠠᠭ᠎ᠠ ᠶᠢᠨ 16 ᠳ᠋ᠤᠭᠠᠷ ᠲᠤ ᠵᠢᠭ᠌ᠰᠠᠯ᠎ᠠ

ᠳᠡᠯᠡᠬᠡᠢ ᠶᠢᠨ ᠮᠡᠷᠭᠡᠵᠢᠯ ᠤᠨ ᠪᠣᠺᠰ ᠤᠨ ᠰᠢᠨᠡᠴᠢᠯᠡᠭ᠍ᠰᠡᠨ ᠴᠢᠨᠰᠠᠭ᠎ᠠ ᠪᠠᠷ ᠨᠢ ᠮᠣᠩᠭᠣᠯ ᠤᠯᠤᠰ ᠤᠨ ᠭᠠᠪᠢᠶᠠᠲᠤ ᠲᠠᠮᠢᠷᠴᠢᠨ ᠡ᠊᠎∙ ᠴᠡᠨᠳᠡᠪᠠᠭᠠᠲᠤᠷ 16 ᠳ᠋ᠤᠭᠠᠷ ᠲᠤ ᠵᠢᠭ᠌ᠰᠠᠯ᠎ᠠ᠃ ᠲᠡᠷᠡ 12 ᠲᠤᠯᠤᠭᠠᠨ ᠬᠢᠵᠦ ᠪᠦᠭᠦᠳᠡ ᠳᠤ ᠨᠢ ᠢᠯᠠᠬᠤ ᠳᠤ ᠪᠠᠨ 50 ᠬᠤᠪᠢ ᠳᠤ ᠨᠢ ᠥᠷᠢᠰᠦᠯᠳᠦᠭ᠍ᠴᠢ ᠪᠡᠨ ᠬᠦᠨᠳᠦ ᠴᠣᠬᠢᠯᠲᠠ ᠪᠡᠷ ᠬᠣᠵᠢᠵᠠᠢ ᠃

WBA ᠬᠣᠯᠪᠤᠭᠠᠨ ᠤ ᠲᠥᠪ ᠠᠽᠢᠶ᠎ᠠ ᠶᠢᠨ ᠠᠪᠤᠷᠭᠤ ᠶᠢᠨ ᠪᠦᠰᠡᠨ ᠤ ᠲᠥᠯᠥᠭᠡᠬᠢ ᠮᠡᠷᠭᠡᠵᠢᠯ ᠤᠨ ᠪᠣᠺᠰ ᠤᠨ ᠲᠤᠯᠤᠭᠠᠨ ᠢᠶᠠᠨ ᠭᠡᠳᠦᠭᠡᠠ ᠬᠣᠨᠣᠭ ᠤᠨ ᠡᠮᠦᠨ᠎ᠡ ᠡᠬᠡ ᠣᠷᠣᠨ ᠳᠤ ᠪᠠᠨ ᠬᠢᠭ᠍ᠰᠡᠨ ᠲᠤᠯᠤᠭᠠᠨ ᠳᠤ ᠲᠡᠷᠡ ᠪᠡᠷ ᠮᠧᠻᠰᠢᠻᠣ ᠶᠢᠨ ᠲᠠᠮᠢᠷᠴᠢᠨ  ᠢ ᠵᠢᠷᠭᠤᠳᠤᠭᠠᠷ ᠦᠶ᠎ᠡ ᠳᠤ ᠬᠦᠨᠳᠦ ᠴᠣᠬᠢᠯᠲᠠ ᠪᠡᠷ ᠪᠠᠭᠤᠯᠭᠠᠨ ᠠᠪᠤᠭᠰᠠᠨ ᠪᠢᠯᠡ ᠃ ᠲᠡᠷᠡ ᠪᠡᠷ ᠲᠠᠪᠤᠳᠤᠭᠠᠷ ᠰᠠᠷ᠎ᠠ ᠳᠤ ᠮᠡᠷᠭᠡᠵᠢᠯ ᠤᠨ ᠪᠣᠺᠰ ᠤᠨ ᠺᠠᠷᠢᠶᠧᠷ ᠤᠨ 13 ᠳ᠋ᠡᠬᠢ ᠲᠤᠯᠤᠭᠠᠨ ᠳᠤ ᠪᠠᠨ ᠣᠷᠣᠯᠴᠠᠬᠤ ᠪᠠᠷ ᠪᠡᠯᠡᠳᠬᠡᠯ ᠢᠶᠡᠨ ᠪᠠᠵᠠᠭᠠᠵᠤ ᠪᠠᠢᠭ᠎ᠠ ᠶᠤᠮ ᠃

ᠰᠡᠳᠬᠢᠭᠳᠡᠯ ᠦᠯᠡᠳᠡᠭᠡᠬᠦ