ᠬᠥᠳᠡᠯᠮᠦᠷᠢ ᠨᠡᠢᠭᠡᠮ ᠦᠨ ᠬᠠᠮᠠᠭᠠᠯᠠᠯ ᠤᠨ ᠰᠤᠷᠭᠠᠯᠲᠠ᠂ ᠦᠨᠡᠯᠡᠭᠡ᠂ ᠰᠤᠳᠤᠯᠭᠠᠨ ᠤ ᠬᠥᠳᠡᠯᠮᠦᠷᠢ ᠶ᠋ᠢᠨ ᠵᠠᠬ᠎ᠠ ᠵᠡᠭᠡᠯᠢ ᠶ᠋ᠢᠨ ᠰᠤᠳᠤᠯᠤᠭ᠎ᠠ ᠪᠠᠷ ᠨᠡᠢᠰᠯᠡᠯ ᠤᠨ ᠠᠵᠢᠯ ᠣᠯᠭᠣᠭᠴᠢ ᠨᠠᠷ ᠤᠨ 26.9 ᠬᠤᠪᠢ ᠨᠢ ᠠᠵᠢᠯᠯᠠᠬᠤ ᠬᠦᠴᠦᠨ ᠦ ᠬᠣᠮᠰᠠᠳᠠᠯ ᠳᠤ ᠥᠷᠲᠥᠭᠰᠡᠨ ᠭᠡᠬᠦ ᠳ᠋ᠦ᠋ᠩ ᠭᠠᠷᠴᠠᠢ᠃ ᠡᠳᠡᠭᠡᠷ ᠠᠵᠤ ᠠᠬᠤᠢ ᠨᠢᠭᠢᠵᠦ᠂ ᠪᠠᠢᠭᠤᠯᠤᠯᠭ᠎ᠠ ᠤᠳ ᠲᠤ 36 ᠮᠢᠩᠭᠠᠨ ᠠᠵᠢᠯ ᠤᠨ ᠪᠠᠢᠷᠢ ᠪᠡᠯᠡᠨ᠂ ᠡᠵᠡᠨ ᠶ᠋ᠢᠡᠨ ᠬᠦᠯᠢᠶᠡᠵᠦ ᠪᠠᠢᠭ᠎ᠠ ᠨᠢ ᠨᠡᠢᠲᠡ ᠬᠣᠮᠰᠠᠳᠠᠯ ᠲᠠᠢ ᠠᠵᠢᠯᠯᠠᠬᠤ ᠬᠦᠴᠦᠨ ᠦ 74 ᠬᠤᠪᠢ ᠶ᠋ᠢ ᠡᠵᠡᠯᠡᠵᠦ ᠪᠠᠢᠭ᠎ᠠ ᠶᠤᠮ᠃ ᠡᠮᠦᠨᠡᠬᠢ ᠣᠨ ᠳ᠋ᠤ ᠬᠤᠪᠢ ᠶ᠋ᠢᠨ ᠬᠡᠪᠰᠢᠯ ᠤᠨ ᠪᠠᠢᠭᠤᠯᠤᠯᠤᠭᠠ ᠤᠳ ᠠᠵᠢᠯᠯᠠᠬᠤ ᠬᠦᠴᠦᠨ ᠦ ᠬᠣᠮᠰᠠᠳᠠᠯ ᠳ᠋ᠤ ᠬᠠᠮᠤᠭ ᠤᠨ ᠶᠡᠬᠡ ᠥᠷᠲᠥᠭᠰᠡᠨ ᠪᠠᠢᠨ᠎ᠠ᠃