ᠮᠣᠩᠭᠣᠯ ᠤᠯᠤᠰ ᠲᠤ 2025 ᠣᠨ ᠤ ᠬᠣᠶᠠᠳᠤᠭᠠᠷ ᠰᠠᠷ᠎ᠠ ᠶ᠋ᠢᠨ ᠪᠠᠢᠳᠠᠯ ᠶ᠋ᠢᠠᠷ 100 ᠪᠣᠯᠤᠨ ᠲᠡᠭᠦᠨ ᠡᠴᠡ ᠳᠡᠭᠡᠭᠰᠢ ᠨᠠᠰᠤ ᠲᠠᠢ ᠢᠷᠭᠡᠨ 159 ᠪᠠᠢᠨ᠎ᠠ᠃ ᠬᠦᠢᠰᠦ ᠪᠡᠷ ᠨᠢ ᠠᠪᠴᠤ ᠦᠵᠡᠪᠡᠯ 32 ᠨᠢ ᠡᠷᠡᠭᠡᠲᠡᠢ᠂ 127 ᠨᠢ ᠡᠮᠡᠭᠲᠡᠢ ᠬᠥᠮᠦᠨ ᠪᠠᠢᠭ᠎ᠠ ᠶᠤᠮ᠃ ᠤᠯᠤᠰ ᠤᠨ ᠬᠡᠮᠵᠢᠶᠡᠨ ᠳ᠋ᠦ ᠬᠠᠮᠤᠭ ᠤᠨ ᠥᠨᠳᠥᠷ ᠨᠠᠰᠤᠲᠠᠨ ᠨᠢ 108 ᠨᠠᠰᠤ ᠲᠠᠢ ᠢᠷᠭᠡᠨ ᠪᠠᠶ᠋ᠢᠨ᠎ᠠ᠃ ᠮᠥᠨ ᠰᠣᠨᠢᠷᠬᠠᠯ ᠲᠠᠢ ᠰᠲ᠋ᠠᠲ᠋ᠢᠰᠲ᠋ᠢᠭ ᠮᠡᠳᠡᠭᠡᠨ ᠡᠴᠡ ᠬᠠᠷᠠᠪᠠᠯ᠂ ᠴᠠᠭᠠᠨ ᠰᠠᠷ᠎ᠠ ᠶ᠋ᠢᠨ ᠪᠠᠶᠠᠷ ᠲᠠᠢ ᠬᠣᠯᠪᠣᠭᠠᠲᠠᠢ᠂ ᠰᠢᠨᠡᠢᠨᠨᠢᠭᠡᠨ ᠨᠡᠷ᠎ᠡ ᠲᠡᠢ 50 ᠬᠥᠮᠦᠨ᠂ ᠴᠠᠭᠠᠨᠰᠠᠷ᠎ᠠ ᠨᠡᠷ᠎ᠡ ᠲᠡᠢ 11 ᠬᠥᠮᠦᠨ ᠪᠠᠢᠳᠠᠭ ᠠᠵᠠᠢ᠃