ᠡᠪᠦᠯ ᠤᠨ ᠶᠠᠪᠠᠭᠠᠨ ᠠᠯᠬᠤᠯᠲᠠ ᠶ᠋ᠢᠨ ᠠᠷᠭ᠎ᠠ ᠬᠡᠮᠵᠢᠶ᠎ᠡ ᠶ᠋ᠢ ᠵᠣᠬᠢᠶᠠᠨ ᠪᠠᠢᠭᠤᠯᠤᠯ᠎ᠠ | News.MN

ᠡᠪᠦᠯ ᠤᠨ ᠶᠠᠪᠠᠭᠠᠨ ᠠᠯᠬᠤᠯᠲᠠ ᠶ᠋ᠢᠨ ᠠᠷᠭ᠎ᠠ ᠬᠡᠮᠵᠢᠶ᠎ᠡ ᠶ᠋ᠢ ᠵᠣᠬᠢᠶᠠᠨ ᠪᠠᠢᠭᠤᠯᠤᠯ᠎ᠠ

ᠮᠣᠩᠭᠣᠯ ‍ᠤᠨ ᠶᠠᠪᠠᠭᠠᠨ ᠠᠯᠬᠤᠯᠲᠠ ᠶ᠋ᠢᠨ ᠬᠣᠯᠪᠣᠭ᠎ᠠ ᠪᠣᠯᠤᠨ ᠨᠡᠢᠰᠯᠡᠯ ᠤᠨ ᠠᠶᠠᠯᠠᠯ ᠵᠢᠭᠤᠯᠴᠢᠯᠠᠯ ‍ᠤᠨ ᠭᠠᠵᠠᠷ ᠬᠠᠮᠲᠤᠷᠠᠨ ︽ᠡᠪᠦᠯ ᠤᠨ ᠶᠠᠪᠠᠭᠠᠨ ᠠᠯᠬᠤᠯᠲᠠ ᠶ᠋ᠢᠨ ᠹᠧᠰᠲ᠋ᠢᠸᠠᠯ︾ ᠠᠷᠭ᠎ᠠ ᠬᠡᠮᠵᠢᠶ᠎ᠡ ᠶ᠋ᠢ ᠬᠣᠶᠠᠷ ᠳ᠋ᠠᠬᠢ ᠵᠢᠯ ᠳ᠋ᠡᠭᠡᠨ ᠠᠮᠵᠢᠯᠲᠠ ᠲᠠᠢ ᠵᠣᠬᠢᠶᠠᠨ ᠪᠠᠢᠭᠤᠯᠵᠤ ᠪᠠᠢᠨ᠎ᠠ᠃ ᠢᠩᠭᠢᠬᠦ ᠳ᠋ᠦ ᠪᠦᠭᠦᠳᠡ ᠨᠠᠢᠷᠠᠮᠳᠠᠬᠤ ᠰᠣᠯᠤᠩᠭᠤᠰ ᠤᠯᠤᠰ᠂ ᠥᠪᠦᠷ ᠮᠣᠩᠭᠣᠯ ᠤᠨ ᠥᠪᠡᠷ ᠲᠦ ᠪᠡᠨ ᠵᠠᠰᠠᠬᠤ ᠣᠷᠤᠨ ᠂ ᠶᠠᠫᠣᠨ ᠪᠣᠯᠤᠨ ᠣᠷᠣᠰ ‍ᠤᠨ ᠬᠣᠯᠪᠣᠭᠠᠨ ‍ᠤ ᠤᠯᠤᠰ ‍ᠤᠨ ᠲᠥᠯᠦᠭᠡᠯᠡᠯ ᠤᠳ ᠢᠷᠡᠬᠦ ᠶ᠋ᠢᠨ ᠵᠡᠷᠭᠡᠴᠡᠭᠡ ᠮᠥᠨ ᠳᠣᠷᠨᠣᠳ᠂  ᠡᠮᠦᠨᠡᠭᠣᠪᠢ᠂  ᠳᠣᠷᠤᠨᠠᠭᠣᠪᠢ᠂ ᠣᠷᠬᠠᠨ᠂ ᠳᠠᠷᠬᠠᠨ—ᠠᠭᠤᠯᠠ᠂ ᠰᠡᠯᠡᠩᠭᠡ᠂ ᠲᠥᠪ ᠵᠡᠷᠭᠡ ᠠᠢᠮᠠᠭ ᠤᠨ ᠠᠯᠬᠤᠯᠲᠠ ᠶ᠋ᠢᠨ ᠬᠣᠯᠪᠣᠭ᠎ᠠ᠂ ᠺᠯᠦᠢᠪ ᠤᠨ ᠭᠡᠰᠢᠭᠦᠳ ᠢᠳᠡᠪᠬᠢ ᠲᠡᠢ ᠣᠷᠣᠯᠴᠠᠵᠠᠢ᠃ ᠨᠡᠢᠲᠡ 10 ᠺᠢᠯᠤᠮᠧᠲᠷ  ᠭᠠᠵᠠᠷ ᠊ᠢ ᠶᠠᠪᠠᠭᠠᠨ ᠲᠤᠭᠤᠯᠳᠠᠭ ᠠᠵᠠᠢ᠃

ᠰᠡᠳᠬᠢᠭᠳᠡᠯ ᠦᠯᠡᠳᠡᠭᠡᠬᠦ