ᠮᠣᠩᠭᠣᠯ ᠲᠤᠭᠤᠷᠭᠠᠲᠠᠨ ᠰᠢᠲᠠᠷᠠᠴᠢᠳ ᠬᠤᠷᠠᠯᠳᠤᠯ᠎ᠠ | News.MN

ᠮᠣᠩᠭᠣᠯ ᠲᠤᠭᠤᠷᠭᠠᠲᠠᠨ ᠰᠢᠲᠠᠷᠠᠴᠢᠳ ᠬᠤᠷᠠᠯᠳᠤᠯ᠎ᠠ

ᠮᠣᠩᠭᠣᠯ ᠤᠨ ᠰᠢᠲᠠᠷ᠎ᠠ ᠶᠢᠨ ᠬᠣᠯᠪᠣᠭ᠎ᠠ ᠂   ᠮᠣᠩᠭᠣᠯ ᠤᠨ ᠦᠨᠳᠦᠰᠦᠨ ᠤ ᠮᠦᠽᠧᠶ ᠂ 《 ᠳᠠᠭᠤᠲᠤ ᠤᠷᠠᠯᠠᠩ 》 ᠺᠣᠮᠫᠠᠨᠢ ᠲᠠᠢ ᠬᠠᠮᠲᠤᠷᠠᠨ 《 ᠡᠷᠲᠡᠨ ‍ᠥ ᠮᠣᠩᠭᠣᠯ ᠰᠢᠲᠠᠷ᠎ᠠ ᠶᠢᠨ ᠪᠦᠲᠦᠴᠡ ᠶᠢᠨ ᠠᠨᠲᠷᠣᠫᠣᠯᠣᠭᠢ 》 ᠨᠡᠷ᠎ᠡ ᠲᠠᠢ  ᠡᠷᠳᠡᠮ ᠰᠢᠨᠵᠢᠯᠡᠭᠡᠨ ᠤ ᠬᠤᠷᠠᠯ ᠢ ᠥᠨᠥᠳᠥᠷ ᠵᠣᠬᠢᠶᠠᠨ ᠪᠠᠢᠭᠤᠯᠤᠯ᠎ᠠ ᠃

ᠡᠨᠡ ᠬᠦ ᠬᠤᠷᠠᠯ ᠳᠤ ᠮᠣᠩᠭᠣᠯ ᠂ ᠬᠢᠲᠠᠳ  ᠦᠨ ᠥᠪᠥᠷ ᠮᠣᠩᠭᠣᠯ ᠤᠨ ᠣᠷᠳᠤᠰ ᠬᠤᠳᠠ ᠂ ᠣᠷᠣᠰ᠎ ᠤᠨ ᠪᠤᠷᠢᠶᠠᠳ ᠤᠯᠤᠰ ᠤᠨ ᠰᠢᠲᠠᠷ᠎ᠠ ᠶᠢᠨ 30 ᠣᠷᠴᠢᠮ ᠡᠷᠳᠡᠮᠲᠡᠨ ᠂ ᠪᠠᠭ᠌ᠰᠢ ᠨᠠᠷ ᠲᠠᠪᠤᠨ ᠰᠡᠳᠦᠪ ᠦᠨ ᠬᠦᠷᠢᠶᠡᠨ ᠳᠤ ᠢᠯᠡᠳᠬᠡᠯ ᠰᠣᠨᠣᠰᠴᠤ ᠂ ᠬᠡᠯᠡᠯᠴᠡᠭᠦᠯᠭᠡ ᠥᠷᠨᠢᠭᠦᠯᠪᠡ ᠃

ᠲᠤᠬᠠᠢᠯᠠᠪᠠᠯ᠂ ᠡᠷᠲᠡᠨ ‍ᠥ ᠰᠢᠲᠠᠷ᠎ᠠ ᠰᠤᠳᠤᠯᠤᠭᠠᠴᠢ ᠠ‍᠎∙ ᠪᠠᠲᠤᠵᠣᠷᠢᠭ ᠡᠷᠲᠡᠨ ‍ᠥ ᠮᠣᠩᠭᠣᠯ ᠰᠢᠲᠠᠷ᠎ᠠ ᠶᠢᠨ ᠡᠭᠦᠰᠦᠯ ᠂ ᠭᠠᠷᠤᠯ ᠂ ᠬᠥᠭ᠍ᠵᠢᠯ ᠤᠨ ᠠᠰᠠᠭᠤᠳᠠᠯ ᠤᠨ ᠰᠢᠨ᠎ᠡ ᠪᠠᠷᠢᠮᠲᠠ ᠪᠡᠷ ᠪᠠᠶᠠᠵᠢᠭᠤᠯᠤᠨ ᠨᠤᠲᠠᠯᠠᠬᠤ᠂ ᠮᠣᠩᠭᠣᠯ ᠤᠨ ᠰᠢᠲᠠᠷ᠎ᠠ ᠶᠢᠨ ᠥᠪ ᠰᠣᠶᠤᠯ ᠤᠨ ᠦᠨ᠎ᠡ ᠴᠡᠨ᠎ᠡ᠂ ᠲᠡᠷᠡ ᠳᠤᠮᠳᠠ ᠪᠠᠨ《ᠬᠥᠬᠡ ᠡᠪᠦᠭᠡᠨ ᠰᠠᠬᠢᠭᠤᠯᠰᠤ ᠲᠠᠢ ᠬᠥᠯ ᠮᠣᠳᠤᠨ ᠰᠢᠲᠠᠷ᠎ᠠ ᠶᠢᠨ ᠲᠤᠤᠯᠢᠰ》 ᠢ ᠰᠤᠳᠤᠯᠵᠤ ᠣᠯᠠᠨ ᠨᠡᠢᠲᠡ ᠳᠤ ᠰᠤᠷᠲᠠᠯᠴᠢᠯᠠᠬᠤ ᠤᠯᠠᠮᠵᠢᠯᠠᠯᠲᠤ ᠣᠶᠣᠨ ᠤᠬᠠᠭᠠᠨ ᠤ ᠭᠠᠢᠬᠠᠮᠰᠢᠭ ᠢ ᠪᠠᠲᠤᠯᠠᠨ ᠲᠠᠨᠢᠭᠤᠯᠬᠤ ᠵᠣᠷᠢᠯᠭ᠎ᠠ ᠪᠠᠷ ᠢᠯᠡᠳᠬᠡᠯ ᠲᠠᠯᠪᠢᠯ᠎ᠠ ᠃ ᠬᠠᠷᠢᠨ ᠥᠪᠥᠷ ᠮᠣᠩᠭᠣᠯ ᠤᠨ ᠰᠢᠲᠠᠷ᠎ᠠ ᠰᠤᠳᠤᠯᠤᠭᠠᠴᠢ ᠬᠦᠴᠦᠨᠲᠡᠭᠦᠰ《ᠰᠢᠲᠠᠷ᠎ᠠ ᠳᠤ ᠠᠭᠤᠯᠤᠭᠳᠠᠬᠤ ᠲᠣᠭᠯᠠᠭᠠᠮ ᠤᠨ ᠴᠠᠭᠠᠳᠤᠬᠢ ᠹᠢᠯᠣᠰᠣᠹᠢ᠂ ᠭᠦᠨ ᠤᠬᠠᠭᠠᠨ 》ᠰᠡᠳᠦᠪ ᠢᠶᠡᠷ ᠰᠣᠨᠢᠷᠬᠠᠯᠲᠠᠢ ᠢᠯᠡᠳᠬᠡᠯ ᠲᠠᠯᠪᠢᠭ᠌ᠰᠠᠨ ᠪᠣᠯ ᠠ‍᠎∙ ᠫᠣᠩᠰᠣᠭ《ᠮᠣᠩᠭᠣᠯ ᠰᠢᠲᠠᠷ᠎ᠠ ᠶᠢᠨ ᠣᠨᠴᠠᠯᠢᠭ 》᠂ ᠪ ∙ ᠪᠠᠭᠠᠲᠤᠷᠬᠦᠦ《ᠮᠣᠩᠭᠣᠯ ᠰᠢᠲᠠᠷ᠎ᠠ ᠶᠢᠨ ᠪᠡᠯᠭᠡᠳᠡᠯ 》ᠰᠡᠳᠦᠪ ᠦᠨ ᠬᠦᠷᠢᠶᠡᠨ ᠳᠤ ᠢᠯᠡᠳᠬᠡᠯ  ᠲᠠᠯᠪᠢᠵᠠᠢ᠃

 

ᠰᠡᠳᠬᠢᠭᠳᠡᠯ ᠦᠯᠡᠳᠡᠭᠡᠬᠦ