ᠵᠠᠪᠬᠠᠨ ᠳᠦ《ᠮᠣᠩᠭᠣᠯ ᠤᠨ ᠨᠢᠭᠤᠴᠠ ᠲᠣᠪᠴᠢᠶᠠᠨ 》  ᠢ ᠲᠠᠨᠢᠨ ᠮᠡᠳᠡᠬᠦ ᠬᠡᠯᠡᠯᠴᠡᠭᠦᠯᠭᠡ  ᠪᠣᠯᠪᠠ | News.MN

ᠵᠠᠪᠬᠠᠨ ᠳᠦ《ᠮᠣᠩᠭᠣᠯ ᠤᠨ ᠨᠢᠭᠤᠴᠠ ᠲᠣᠪᠴᠢᠶᠠᠨ 》  ᠢ ᠲᠠᠨᠢᠨ ᠮᠡᠳᠡᠬᠦ ᠬᠡᠯᠡᠯᠴᠡᠭᠦᠯᠭᠡ  ᠪᠣᠯᠪᠠ

ᠵᠠᠪᠬᠠᠨ ᠠᠢᠮᠠᠭ ᠤᠨ ᠬᠡᠦᠬᠡᠳ ᠦᠳ 《 ᠮᠣᠩᠭᠣᠯ ᠤᠨ ᠨᠢᠭᠤᠴᠠ ᠲᠣᠪᠴᠢᠶᠠᠨ 》᠎ ᠶᠢ ᠤᠩᠰᠢᠬᠤ ᠶᠢᠨ ᠵᠡᠷᠭᠡ ᠬᠡᠯᠡᠯᠴᠡᠭᠦᠯᠭᠡ ᠥᠷᠨᠢᠭᠦᠯᠵᠡᠢ ᠃

ᠡᠬᠢᠨ ᠤ ᠬᠡᠯᠡᠯᠴᠡᠭᠦᠯᠭᠡ ᠶᠢ ᠡᠨᠡ ᠰᠠᠷ᠎ᠠ ᠶᠢᠨ 20 ‍ᠣ ᠡᠳᠦᠷ ᠵᠣᠬᠢᠶᠠᠨ ᠪᠠᠢᠭᠤᠯᠵᠤ ᠂ ᠲᠥᠷᠦ ᠶᠢᠨ ᠠᠯᠪᠠᠨ ᠬᠠᠭᠠᠭ᠌ᠴᠢᠳ ᠂ ᠶᠡᠷᠦᠩᠬᠡᠶ ᠪᠣᠯᠪᠠᠰᠤᠷᠠᠯ ᠤᠨ ᠰᠤᠷᠭᠠᠭᠤᠯᠢ ᠶᠢᠨ ᠮᠣᠩᠭᠣᠯ ᠬᠡᠯᠡ ᠂ ᠤᠷᠠᠨ ᠵᠣᠬᠢᠶᠠᠯ ᠤᠨ ᠪᠠᠭ᠌ᠰᠢ ᠨᠠᠷ ᠂ ᠰᠤᠷᠤᠯᠴᠠᠭ᠌ᠴᠢ 100 ᠭᠠᠷᠦᠢ ᠬᠥᠮᠦᠨ ᠣᠷᠣᠯᠴᠠᠯ᠎ᠠ ᠃  ᠲᠡᠳᠡ 《ᠮᠣᠩᠭᠣᠯ ᠤᠨ ᠨᠢᠭᠤᠴᠠ  ᠲᠣᠪᠴᠢᠶᠠᠨ》 ᠤ  ᠠᠭᠤᠯᠭ᠎ᠠ ᠂ ᠤᠷᠠᠨ ᠰᠠᠢᠬᠠᠨ ᠤ ᠣᠨᠴᠠᠯᠢᠭ ᠂ ᠬᠡᠯᠡ ᠨᠠᠢᠷᠠᠭᠤᠯᠭ᠎ᠠ ᠶᠢᠨ  ᠲᠠᠯ᠎ᠠ ᠪᠠᠷ ᠶᠠᠷᠢᠯᠴᠠᠯ᠎ᠠ᠃ ᠬᠡᠯᠡᠯᠴᠡᠭᠦᠯᠭᠡ ᠳᠤ ᠣᠷᠤᠯᠴᠠᠭ᠌ᠴᠢᠳ《ᠮᠣᠩᠭᠣᠯ ᠤᠨ ᠨᠢᠭᠤᠴᠠ  ᠲᠣᠪᠴᠢᠶᠠᠨ 》 ᠢ ᠡᠨᠡ ᠰᠠᠷ᠎ᠠ ᠶᠢᠨ ᠬᠣᠶᠠᠷ ᠠᠴᠠ ᠡᠬᠢᠯᠡᠨ 17 ᠰᠠᠷ᠎ᠠ ᠶᠢᠨ ᠬᠤᠭᠤᠴᠠᠭᠠᠨ ᠳᠤ ᠤᠩᠰᠢᠨ᠎ᠠ᠃ ᠬᠣᠶᠠᠳᠤᠭᠠᠷ  ᠬᠡᠯᠡᠯᠴᠡᠭᠦᠯᠭᠡ ᠶᠢ ᠢᠷᠡᠬᠦ ᠭᠤᠷᠪᠠᠳᠤᠭᠠᠷ ᠰᠠᠷ᠎ᠠ ᠳᠤ ᠵᠣᠬᠢᠶᠠᠨ ᠪᠠᠢᠭᠤᠯᠤᠨ᠎ᠠ ᠃

ᠰᠡᠳᠬᠢᠭᠳᠡᠯ ᠦᠯᠡᠳᠡᠭᠡᠬᠦ