ᠲᠥᠪ ᠠᠢᠮᠠᠭ ᠤᠨ ᠨᠢᠭᠡᠳᠦᠭ᠍ᠰᠡᠨ ᠡᠮᠨᠡᠯᠭᠡ ᠳᠤ ᠣᠷᠴᠢᠨ ᠦᠶ᠎ᠡ ᠶᠢᠨ ᠰᠲ᠋ᠠᠨᠳᠠᠷᠲ ᠲᠤ ᠨᠡᠢᠴᠡᠭ᠍ᠰᠡᠨ ᠮᠡᠳᠡᠭᠡᠭᠦᠢᠵᠢᠭᠦᠯᠭᠡ᠂ ᠬᠠᠭᠠᠯᠤᠯᠭᠠᠨ ᠤ ᠨᠢᠭᠡᠳᠦᠭ᠍ᠰᠡᠨ ᠲᠠᠰᠤᠭ ᠢ ᠰᠢᠨ᠎ᠡ ᠪᠠᠷ ᠪᠠᠢᠭᠤᠯᠤᠯ᠎ᠠ᠃ ᠡᠨᠡ ᠬᠦ ᠲᠠᠰᠤᠭ ᠨᠢ《ᠣᠯᠠᠨ ᠤᠯᠤᠰ ᠤᠨ сlass 1000》ᠰᠲ᠋ᠠᠨᠳᠠᠷᠲ ᠤᠨ ᠮᠡᠰᠡ ᠵᠠᠰᠠᠯ ᠤᠨ ᠬᠣᠶᠠᠷ ᠸᠠᠺᠦ᠋ᠮ ᠠᠷᠢᠭᠤᠨ ᠥᠷᠦᠭᠡ᠂ ᠨᠢᠭᠡ ᠡᠩ ᠤᠨ ᠮᠡᠰᠡ ᠵᠠᠰᠠᠯ ᠤᠨ ᠥᠷᠦᠭᠡ ᠲᠠᠢ᠃ ᠪᠦᠬᠦ ᠲᠣᠨᠣᠭ ᠲᠥᠬᠦᠭᠡᠷᠦᠮᠵᠢ᠂ ᠥᠷᠦᠭᠡᠨ ᠤ ᠲᠤᠰᠬᠠᠶ ᠲᠣᠨᠣᠭᠯᠠᠯ ᠤᠳ ᠢ ᠪᠦᠬᠦᠳᠠ ᠨᠠᠢᠢᠷᠠᠮᠳᠠᠬᠤ ᠰᠣᠯᠤᠩᠭᠤᠰ ᠤᠯᠤᠰ ᠲᠤ ᠦᠢᠯᠡᠳᠪᠦᠷᠢᠯᠡᠭ᠍ᠰᠡᠨ ᠪᠡᠢᠨ᠎ᠡ ᠃
ᠡᠷᠬᠡᠲᠡᠨ ᠰᠢᠯᠵᠢᠭᠦᠯᠦᠨ ᠰᠠᠭᠤᠯᠭᠠᠬᠤ᠂ ᠵᠢᠷᠦᠬᠡᠨ ᠦ ᠮᠡᠰᠡ ᠵᠠᠰᠠᠯ᠂ ᠦᠡᠳᠦᠷ ᠡᠷᠡᠰᠳᠡᠯ ᠪᠦᠬᠦᠢ ᠮᠡᠰᠡ ᠵᠠᠰᠠᠯ᠂ ᠮᠡᠳᠡᠷᠡᠯ ᠤᠨ ᠵᠡᠷᠭᠡ ᠨᠡᠷᠢᠠ ᠮᠡᠷᠭᠡᠵᠢᠯ ᠤᠨ ᠪᠦᠬᠦ ᠮᠡᠰᠡ ᠵᠠᠰᠠᠯ ᠢ ᠬᠢᠬᠦ ᠪᠣᠯᠣᠮᠵᠢ ᠶᠢ ᠪᠦᠷᠢᠳᠦᠭᠦᠯᠦᠭ᠍ᠰᠡᠨ ᠨᠢ ᠣᠷᠣᠨ ᠨᠤᠲᠤᠭ ᠤᠨ ᠨᠢᠭᠡᠳᠦᠭ᠍ᠰᠡᠨ ᠡᠮᠨᠡᠯᠭᠡ ᠨᠦᠭᠦᠳ ᠂ ᠪᠦᠰᠡ ᠶᠢᠨ ᠣᠨᠤᠰᠢᠯᠠᠭ᠎ᠠ ᠡᠮᠴᠢᠯᠡᠭᠡᠨ ᠤ ᠲᠥᠪ ᠦᠳ ᠡᠴᠡ ᠠᠩᠬᠠᠳᠠᠭ᠌ᠴᠢ ᠪᠣᠯᠵᠤ ᠪᠠᠢᠭ᠎ᠠ ᠶᠤᠮ ᠃
ᠲᠥᠪ ᠠᠢᠮᠠᠭ ᠤᠨ ᠨᠢᠭᠡᠳᠦᠭ᠍ᠰᠡᠨ ᠡᠮᠨᠡᠯᠭᠡ ᠵᠢᠯ ᠳᠤ 155 ᠮᠢᠩᠭᠠᠨ ᠢᠷᠭᠡᠨ ᠳᠤ ᠠᠮᠪᠦ᠋ᠯᠠᠲ᠋ᠣᠷᠢ ᠶᠢᠨ ᠲᠤᠰᠠᠯᠠᠮᠵᠢ ᠦᠢᠯᠡᠴᠢᠯᠡᠭᠡ᠂ 13 ᠮᠢᠩᠭᠠᠨ ᠢᠷᠭᠡᠨ ᠳᠤ ᠬᠡᠪᠲᠡᠨ ᠡᠮᠴᠢᠯᠡᠭᠦᠯᠬᠦ ᠲᠤᠰᠠᠯᠠᠮᠵᠢ ᠦᠢᠯᠡᠴᠢᠯᠡᠭᠡ ᠦᠵᠡᠭᠦᠯᠳᠡᠭ᠃ ᠰᠡᠭᠦᠯ ᠦᠨ ᠲᠠᠪᠤᠨ ᠵᠢᠯ ᠦᠨ ᠳᠤᠮᠳᠠᠴᠢ ᠪᠡᠷ 1330 ᠬᠠᠭᠠᠯᠤᠯᠭ᠎ᠠ᠂ ᠮᠡᠰᠡ ᠠᠵᠢᠯᠪᠤᠷᠢ ᠶᠢ ᠵᠢᠯ ᠳᠤ ᠭᠦᠢᠴᠡᠳᠬᠡᠵᠦ ᠪᠠᠢᠭ᠎ᠠ ᠪᠥᠭᠡᠳ ᠬᠠᠭᠠᠯᠭᠠᠨ ᠤ ᠨᠡᠷ᠎ᠡ ᠲᠥᠷᠥᠯ ᠢ ᠵᠢᠯ ᠪᠦᠷᠢ ᠨᠡᠮᠡᠭ᠍ᠳᠡᠭᠦᠯᠦᠨ ᠠᠵᠢᠯᠯᠠᠵᠤ ᠪᠡᠢᠨ᠎ᠡ ᠃