ᠪᠠᠶᠠᠩᠬᠣᠩᠭᠣᠷ ᠠᠢᠮᠠᠭ ᠤᠨ ᠣᠯᠠᠨ ᠤᠯᠤᠰ ᠤᠨ ᠪᠡᠭ᠎ᠠ ᠰᠤᠷᠭᠠᠭᠤᠯᠢ ᠶᠢᠨ 5 ᠠ ᠠᠩᠭᠢ ᠶᠢᠨ ᠰᠤᠷᠤᠭ᠌ᠴᠢ ᠭ ·ᠠᠭᠢ《ᠠᠶ᠎ᠠ ᠡᠭᠡᠰᠢᠭ ᠦᠨ ᠵᠢᠷᠭᠤᠭᠠᠨ ᠵᠢᠬᠦᠷ – 2025》ᠦᠨᠳᠦᠰᠦᠨ ᠤ ᠬᠥᠭ᠍ᠵᠢᠮ ᠦᠨ ᠤᠷᠤᠯᠳᠤᠭᠠᠨ ᠤ ᠬᠤᠭᠤᠴᠢᠷ ᠬᠥᠭ᠍ᠵᠢᠮ ᠦᠨ ᠲᠥᠷᠥᠯ ᠳᠤ ᠲᠡᠷᠢᠬᠦᠠ ᠪᠠᠢᠷᠢ ᠡᠵᠡᠯᠡᠵᠡᠢ᠃ ᠣᠷᠤᠯᠴᠠᠭ᠌ᠴᠢᠳ ᠮᠣᠩᠭᠣᠯ ᠤᠨ ᠪᠤᠯᠦᠠ ᠳᠡᠯᠡᠬᠡᠢ ᠶᠢᠨ ᠰᠣᠩᠭᠣᠳᠠᠭ ᠵᠤᠬᠢᠶᠡᠯ᠂ ᠠᠷᠠᠳ ᠤᠨ ᠳᠠᠭᠤᠤ ᠨᠤᠭᠤᠳ ᠠᠴᠠ ᠰᠣᠩᠭᠤᠨ ᠤᠷ᠎ᠠ ᠴᠢᠳᠠᠪᠤᠷᠢ ᠪᠠᠨ ᠰᠣᠷᠢᠨ ᠳᠥᠷᠪᠡᠨ ᠡᠳᠦᠷ ᠦᠨ ᠲᠤᠷᠰᠢ ᠦᠨᠳᠦᠰᠦᠨ ᠤ ᠬᠥᠭ᠍ᠵᠢᠮ ᠢᠶᠡᠨ ᠬᠥᠭ᠍ᠵᠢᠮᠳᠡᠨ ᠥᠷᠢᠰᠦᠯᠳᠦᠭ᠍ᠰᠡᠨ ᠪᠡᠢᠨ᠎ᠡ ᠃
ᠦᠨᠳᠦᠰᠦᠨ ᠤ ᠬᠥᠭ᠍ᠵᠢᠮ ᠢᠶᠡᠨ ᠰᠤᠷᠲᠠᠯᠴᠢᠯᠠᠬᠤ᠂ ᠤᠷ᠎ᠠ ᠴᠢᠳᠠᠪᠤᠷᠢ ᠶᠢ ᠰᠠᠢᠵᠢᠷᠠᠭᠤᠯᠬᠤ᠂ ᠰᠤᠷᠦᠯᠴᠡᠬᠤ ᠢᠳᠡᠪᠬᠢ ᠶᠢ ᠥᠷᠨᠢᠭᠦᠯᠬᠦ᠂ ᠬᠠᠷᠢᠯᠴᠠᠨ ᠲᠤᠷᠰᠢᠯᠭ᠎ᠠ ᠬᠤᠷᠠᠮᠳᠤᠭᠤᠯᠬᠤ ᠵᠣᠷᠢᠯᠭ᠎ᠠ ᠪᠠᠷ ᠤᠯᠠᠮᠵᠢᠯᠠᠯ ᠪᠣᠯᠭᠠᠨ ᠵᠣᠬᠢᠶᠠᠨ ᠪᠠᠢᠭᠤᠯᠳᠠᠭ ︽ᠠᠶ᠎ᠠ ᠡᠭᠡᠰᠢᠭ ᠦᠨ ᠵᠢᠬᠦᠷ︾ ᠥᠰᠪᠦᠷᠢ ᠶᠢᠨ ᠠᠷᠠᠳ ᠤᠨ ᠬᠥᠭ᠍ᠵᠢᠮᠴᠢᠳ ᠦᠨ ᠤᠯᠤᠰ ᠤᠨ ᠤᠷᠤᠯᠳᠤᠭᠠᠨ ᠳᠤ ᠬᠡᠦᠬᠡᠳ ᠦᠳ ᠮᠤᠷᠢᠨ ᠬᠤᠭᠤᠷ᠂ ᠶᠠᠲᠤᠭ᠎ᠠ᠂ ᠶᠣᠤᠴᠢᠨ᠂ ᠯᠢᠩᠪᠦ᠂ ᠱᠠᠨᠵᠠ ᠂ ᠬᠤᠭᠤᠴᠢᠷ᠂ ᠡᠪᠡᠷ ᠪᠦᠷᠢᠶ᠎ᠡ ᠵᠡᠷᠭᠡ ᠬᠥᠭ᠍ᠵᠢᠮ ᠢ ᠲᠣᠭᠯᠠᠬᠤ ᠴᠢᠳᠠᠪᠤᠷᠢ ᠪᠡᠷ ᠢᠶᠠᠨ ᠦᠷᠢᠰᠦᠯᠳᠦᠳᠡᠭ᠃