ᠫ᠎· ᠭᠠᠩᠲᠤᠯᠭ᠎ᠠ᠄ ᠣᠢᠷ᠎ᠠ ᠶᠢᠨ ᠵᠠᠢ ᠶᠢᠨ ᠠᠩᠬᠠᠳᠤᠭᠠᠷ ᠤᠷᠤᠯᠳᠤᠭᠠᠨ ᠡᠯᠡᠰᠤᠨ ᠵᠡᠮ ᠳᠡᠭᠡᠷ᠎ᠡ ᠪᠣᠯᠤᠨ᠎ᠠ | News.MN

ᠫ᠎· ᠭᠠᠩᠲᠤᠯᠭ᠎ᠠ᠄ ᠣᠢᠷ᠎ᠠ ᠶᠢᠨ ᠵᠠᠢ ᠶᠢᠨ ᠠᠩᠬᠠᠳᠤᠭᠠᠷ ᠤᠷᠤᠯᠳᠤᠭᠠᠨ ᠡᠯᠡᠰᠤᠨ ᠵᠡᠮ ᠳᠡᠭᠡᠷ᠎ᠡ ᠪᠣᠯᠤᠨ᠎ᠠ

《 Mongolian Breeders Cup – 2025 》 ᠣᠢᠷ᠎ᠠ ᠶᠢᠨ ᠵᠠᠢ ᠶᠢᠨ ᠮᠤᠷᠢᠨ ᠬᠤᠷᠠᠯᠳᠤᠭᠠᠨ ᠢ ᠬᠦᠢ ᠳᠣᠯᠤᠭᠠᠨ ᠬᠤᠳᠳᠤᠭ ᠲᠤ ᠡᠨᠡ ᠰᠠᠷ᠎ᠠ ᠶᠢᠨ 22,23 ᠳᠤ ᠵᠣᠬᠢᠶᠠᠨ ᠪᠠᠢᠭᠤᠯᠬᠤ ᠪᠡᠷ ᠪᠣᠯᠵᠠᠢ᠃ ᠲᠤᠬᠠᠢᠯᠠᠪᠠᠯ ᠮᠣᠩᠭᠣᠯ ᠤᠯᠤᠰ ᠲᠤ ᠮᠤᠷᠢᠨ ᠲᠣᠭᠤᠷᠢᠭᠤᠯᠭ᠎ᠠ ᠂ ᠣᠢᠷ᠎ᠠ ᠶᠢᠨ ᠵᠠᠢ ᠶᠢᠨ ᠤᠷᠤᠯᠳᠤᠭᠠᠨ ᠂ ᠮᠤᠷᠢᠨ ᠰᠫᠣᠷᠲ ᠢ ᠬᠥᠭ᠍ᠵᠢᠭᠦᠯᠬᠦ ᠵᠣᠷᠢᠯᠭ᠎ᠠ ᠲᠠᠢ F 1 ᠠᠩᠭᠢᠯᠠᠯ ᠤᠨ 1700 ᠮᠧᠲᠷ ᠦᠨ ᠤᠷᠤᠯᠳᠤᠭᠠᠨ ᠠᠩᠬ᠎ᠠ ᠤᠳᠠᠭ᠎ᠠ ᠪᠣᠯᠬᠤ ᠭᠡᠵᠦ ᠪᠡᠢᠢᠨ᠎ᠡ ᠃

ᠠᠵᠢᠷᠭ᠎ᠠ᠂ ᠶᠡᠭᠡ ᠨᠡᠰᠦ᠂ ᠰᠣᠶᠤᠯᠠᠩ ᠭᠡᠰᠡᠨ ᠭᠤᠷᠪᠠᠨ ᠨᠠᠰᠤᠨ ᠤ ᠮᠣᠷᠢ ᠣᠷᠣᠯᠳᠣᠬᠤ ᠪᠥᠭᠡᠳ ᠮᠣᠷᠢ ᠶᠢ ᠨᠠᠰᠤᠨ ᠳᠤ ᠬᠦᠷᠦᠭ᠍ᠰᠡᠨ ᠮᠡᠷᠭᠡᠵᠢᠯ ᠤᠨ ᠤᠨᠤᠭᠠᠴᠢᠳ ᠤᠨᠤᠨ᠎ᠠ᠃ ᠡᠨᠡ ᠬᠦ ᠤᠷᠤᠯᠳᠤᠭᠠᠨ ᠢ ᠣᠢᠷ᠎ᠠ ᠶᠢᠨ ᠵᠠᠢ ᠳᠤ᠂ ᠰᠢᠯᠤᠭᠤᠨ ᠵᠠᠮ ᠳᠤ ᠬᠢᠨ᠎ᠡ ᠭᠡᠵᠦ ᠮᠣᠩᠭᠣᠯ ᠤᠨ ᠮᠤᠷᠢᠨ ᠲᠣᠭᠤᠷᠢᠭᠤᠯᠭ᠎ᠠ᠂ ᠣᠢᠷ᠎ᠠ ᠶᠢᠨ ᠴᠠᠬᠢᠮ ᠤᠨ ᠤᠷᠤᠯᠳᠤᠭᠠᠨ᠂ ᠤᠶᠠᠭᠠᠴᠢᠳ ᠤᠨ ᠬᠣᠯᠪᠣᠭᠠᠨ ᠠᠴᠠ ᠮᠡᠳᠡᠭᠡᠯᠡᠯ᠎ᠡ ᠃

ᠣᠯᠠᠨ ᠤᠯᠤᠰ ᠲᠤ ᠮᠤᠷᠢᠨ ᠰᠫᠣᠷᠲ ᠤᠨ ᠰᠲ᠋ᠡᠨᠳᠡᠷᠲ ᠮᠠᠰᠢ ᠦᠡᠳᠦᠷ ᠪᠠᠢᠳᠠᠭ᠃ ᠬᠠᠷᠢᠨ ᠮᠠᠨ ᠤ ᠤᠯᠤᠰ ᠲᠤ ᠣᠳᠤ ᠪᠠᠷ ᠡᠨᠡ ᠲᠥᠷᠥᠯ ᠤᠨ ᠰᠲ᠋ᠡᠨᠳᠡᠷᠲ ᠠᠯᠠᠭ᠎ᠠ᠃ ᠪᠢᠳᠡ ᠥᠪᠡᠷ ᠲᠤ ᠲᠣᠬᠢᠷᠠᠭᠰᠠᠨ ᠬᠠᠮᠦᠬ ᠤᠨ ᠪᠣᠯᠤᠮᠵᠢᠲᠤ ᠬᠤᠪᠢᠯᠪᠤᠷᠢ ᠪᠡᠷ ᠲᠡᠮᠡᠴᠡᠭᠡᠨ ᠢᠶᠡᠨ ᠬᠢᠬᠦ ᠪᠡᠷ ᠪᠣᠯᠣᠭᠰᠠᠨ᠃ ᠲᠤᠬᠠᠢᠯᠠᠪᠠᠯ᠂ ᠣᠯᠠᠨ ᠤᠯᠤᠰ ᠲᠤ ᠡᠯᠡᠰᠦ᠂ ᠰᠢᠷᠤᠶ᠂ ᠵᠦᠯᠭᠡ ᠭᠡᠰᠡᠨ ᠭᠤᠷᠪᠠᠨ ᠵᠠᠮ ᠳᠤ ᠤᠷᠤᠯᠳᠤᠵᠤ ᠪᠣᠯᠤᠨ᠎ᠠ ᠭᠡᠵᠦ ᠵᠢᠭᠠᠭᠰᠠᠨ ᠪᠠᠢᠳᠠᠭ᠃ ᠬᠠᠷᠢᠨ ᠮᠠᠨ ᠤ ᠤᠷᠤᠯᠳᠤᠭᠠᠨ ᠡᠯᠡᠰᠤᠨ ᠵᠡᠮ ᠳᠡᠭᠡᠷ᠎ᠡ ᠪᠣᠯᠤᠨ᠎ᠠ ᠭᠡᠵᠦ ᠮᠣᠩᠭᠣᠯ ᠤᠨ ᠮᠤᠷᠢᠨ ᠲᠣᠭᠤᠷᠢᠭᠤᠯᠭ᠎ᠠ᠂ ᠣᠢᠷ᠎ᠠ ᠶᠢᠨ ᠵᠠᠢ ᠶᠢᠨ ᠤᠷᠤᠯᠳᠤᠭᠠᠨ ᠤᠶᠠᠭᠠᠴᠢᠳ ᠤᠨ ᠬᠣᠯᠪᠤᠭᠠᠨ ᠤ ᠲᠡᠷᠢᠬᠦᠠ ᠫ᠎ ᠎· ᠭᠠᠩᠲᠤᠯᠭ᠎ᠠ ᠬᠡᠯᠡᠪᠡ ᠃

ᠰᠡᠳᠬᠢᠭᠳᠡᠯ ᠦᠯᠡᠳᠡᠭᠡᠬᠦ