ᠣᠷᠣᠰ ᠤᠨ ᠰᠣᠴᠢ ᠬᠣᠲᠠ ᠳᠤ ᠪᠣᠯᠣᠭᠰᠠᠨ ᠰᠢᠲᠠᠷ᠎ᠠ ᠶᠢᠨ ᠲᠦᠷᠭᠡᠨ ᠲᠣᠭᠯᠠᠯᠲᠠ ᠶᠢᠨ ᠥᠰᠪᠦᠷᠢ ᠶᠢᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠤ ᠪᠤᠷᠢᠶᠠᠳ ᠤᠨ ᠰᠢᠲᠠᠷᠠᠴᠢᠨ ᠡᠷᠳᠡᠮ ᠲᠦᠷᠦᠭᠦᠯᠡᠵᠡᠢ ᠃ ᠲᠡᠮᠡᠴᠡᠭᠡᠨ ᠳᠤ ᠣᠷᠣᠰ ᠤᠨ 89 ᠪᠦᠭᠦᠳᠡ ᠨᠠᠢᠷᠠᠮᠳᠠᠬᠤ ᠤᠯᠤᠰ ᠂ ᠮᠤᠵᠢ ᠂ ᠬᠢᠵᠠᠭᠠᠷ ᠂ ᠠᠦ᠋ᠲ᠋ᠣᠨᠣᠮᠢᠲ ᠲᠣᠭᠣᠷᠢᠭ ᠤᠨ 75 ᠨᠢ ᠲᠠᠮᠢᠷᠴᠢᠨ ᠢᠶᠠᠨ ᠣᠷᠤᠯᠴᠠᠭᠤᠯᠤᠭᠰᠠᠨ ᠪᠥᠭᠡᠳ ᠨᠡᠢᠲᠡ 667 ᠰᠢᠯᠢᠳᠡᠭ ᠰᠢᠲᠠᠷᠠᠴᠢᠨ ᠲᠠᠪᠤᠨ ᠨᠠᠰᠤᠨ ᠤ ᠠᠩᠭᠢᠯᠠᠯ ᠳᠤ ᠥᠷᠢᠰᠦᠯᠳᠦᠭ᠍ᠰᠡᠨ ᠪᠡᠢᠢᠨ᠎ᠡ ᠃
ᠪᠤᠷᠢᠶᠠᠳ ᠤᠨ ᠰᠢᠲᠠᠷ᠎ᠠ᠂ ᠳᠠᠭᠠᠮ ᠤᠨ ᠲᠠᠮᠢᠷᠴᠢᠳ ᠣᠷᠣᠰ ᠤᠨ ᠲᠣᠮᠤᠬᠠᠨ ᠲᠡᠮᠡᠴᠡᠭᠡᠨ ᠨᠦᠭᠦᠳ ᠲᠦ ᠲᠤᠭᠳᠠᠮᠠᠯ ᠳᠡᠭᠡᠭᠦᠷ ᠪᠠᠢᠷᠢ ᠡᠵᠡᠯᠡᠳᠡᠭ᠃ ᠦᠨᠭᠭᠡᠷᠡᠭ᠍ᠰᠡᠠ ᠣᠨ ᠤ ᠡᠬᠢ ᠪᠡᠷ ᠮᠣᠰᠻᠸᠠ ᠬᠣᠲᠠ ᠳᠤ ᠪᠣᠯᠣᠭᠰᠠᠨ ᠬᠡᠦᠬᠡᠳ ᠤᠨ ᠤᠯᠤᠰ ᠤᠨ ᠴᠣᠮᠣ ᠶᠢᠨ ᠲᠡᠮᠡᠴᠡᠭᠡᠨ ᠤ 13 ᠬᠦᠷᠲᠡᠯᠡᠬᠢ ᠨᠠᠰᠤᠨ ᠤ ᠥᠬᠢᠳ ᠦᠨ ᠠᠩᠭᠢᠯᠠᠯ ᠳᠤ ᠪᠤᠷᠢᠶᠠᠳ ᠤᠨ ᠤᠩᠭᠠᠶ᠋ᠸᠠ ᠲᠦᠷᠦᠭᠦᠯᠡᠵᠦ ᠪᠠᠢᠪᠠ ᠃