ᠮᠣᠩᠭᠣᠯ ᠤᠨ ᠪᠤᠳᠢᠪᠢᠯᠳᠢᠨ ᠹᠢᠲ᠌ᠨᠧᠰ ᠦᠨ ᠬᠥᠭ᠍ᠵᠢᠯ ᠤᠨ ᠬᠣᠯᠪᠣᠭᠠᠨ ᠠᠴᠠ ᠮᠡᠳᠡᠭ᠍ᠳᠡᠯ ᠭᠠᠷᠭᠠᠯ᠎ᠠ᠃ ᠮᠡᠳᠡᠭ᠍ᠳᠡᠯ ᠳᠦ᠄ 2024 ᠣᠨ ᠤ ᠳᠣᠯᠣᠳᠤᠭᠠᠷ ᠰᠠᠷ᠎ᠠ ᠶᠢᠨ 5-8 ᠣ ᠡᠳᠦᠷ ᠤᠳ ᠲᠤ ᠵᠣᠬᠢᠶᠠᠨ ᠪᠠᠢᠭᠤᠯᠤᠭᠰᠠᠨ ᠠᠽᠢᠶ᠎ᠠ ᠲᠢᠪ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠤ ᠦᠶ᠎ᠡ ᠪᠠᠷ ᠰᠡᠷᠭᠦᠭᠡᠰᠢ ᠶᠢᠨ ᠬᠢᠨᠠᠯᠲᠠ ᠶᠢᠨ ᠰᠢᠨᠵᠢᠯᠡᠭᠡ ᠶᠢ ᠳᠡᠯᠡᠬᠡᠢ ᠶᠢᠨ ᠳ᠋ᠣᠫᠢᠩ ᠤᠨ ᠡᠰᠡᠷᠭᠦ ᠺᠤᠳ᠋᠂ ᠣᠯᠠᠨ ᠤᠯᠤᠰ ᠤᠨ ᠰᠲ᠋ᠠᠨᠳᠠᠷᠲ ᠤᠨ ᠳᠠᠭᠠᠤ ᠠᠪᠤᠭᠰᠠᠨ ᠬᠠᠷᠢᠭᠤ ᠶᠢ ᠵᠠᠷᠯᠠᠵᠤ ᠪᠡᠢᠨ᠎ᠡ ᠃
ᠲᠠᠮᠢᠷᠴᠢᠨ ᠪᠠᠲᠤᠪᠤᠶᠠᠨ ᠣᠪᠣᠭ ᠲᠠᠢ ᠰᠤᠭᠠᠷᠰᠦ᠋ᠷᠤᠩ᠂ ᠮᠠᠰᠢᠪᠠᠲᠤ ᠣᠪᠣᠭ ᠲᠠᠢ ᠠᠯᠲᠠᠢᠪᠠᠭᠠᠲᠤᠷ᠂ ᠭᠠᠩᠪᠠᠭᠠᠲᠤᠷ ᠣᠪᠣᠭ ᠲᠠᠢ ᠤᠤᠭᠠᠨᠴᠢᠮᠠᠭ᠌᠂ ᠡᠩᠬᠡᠲᠦ᠋ᠪᠰᠢᠨ ᠣᠪᠣᠭ ᠲᠠᠢ ᠡᠷᠬᠢᠮᠪᠢᠯᠢᠭ ᠦᠨ ᠰᠢᠭᠡᠰᠦᠨ ᠡᠴᠡ ᠳᠡᠯᠡᠬᠡᠢ ᠶᠢᠨ ᠳ᠋ᠣᠫᠢᠩ ᠤᠨ ᠡᠰᠡᠷᠭᠦ ᠠᠭᠧᠨ᠋ᠲᠯᠢᠭ᠋ ᠠᠴᠠ ᠭᠠᠷᠭᠠᠭᠰᠠᠨ ᠬᠣᠷᠢᠭ᠌ᠯᠠᠭᠰᠠᠨ ᠪᠣᠳᠠᠰ ᠤᠳ ᠢᠯᠡᠷᠡᠭ᠍ᠰᠡᠨ ᠭᠡᠵᠡᠢ᠃