ᠳ᠋ᠠᠴᠢᠩ ᠻᠣᠮᠫᠠᠨᠢ ᠮᠠᠨ ᠤ ᠤᠯᠤᠰ ᠠᠴᠠ 9.8 ᠰᠠᠶ᠎ᠠ ᠲᠣᠨ ᠭᠠᠵᠠᠷ ᠤᠨ ᠲᠣᠰᠤ ᠣᠯᠪᠤᠷᠢᠯᠠᠵᠡᠢ | News.MN

ᠳ᠋ᠠᠴᠢᠩ ᠻᠣᠮᠫᠠᠨᠢ ᠮᠠᠨ ᠤ ᠤᠯᠤᠰ ᠠᠴᠠ 9.8 ᠰᠠᠶ᠎ᠠ ᠲᠣᠨ ᠭᠠᠵᠠᠷ ᠤᠨ ᠲᠣᠰᠤ ᠣᠯᠪᠤᠷᠢᠯᠠᠵᠡᠢ

ᠠᠵᠤ ᠦᠢᠯᠡᠳᠪᠦᠷᠢ ᠂ ᠡᠷᠦᠳᠡᠰᠦ ᠪᠠᠶᠠᠯᠢᠭ ᠤᠨ ᠰᠠᠢᠳ ᠴ᠎∙ ᠲᠤᠸᠠᠨ ᠲᠡᠷᠢᠭᠦᠲᠡᠢ ᠤᠯᠤᠰ ᠤᠨ ᠶᠡᠬᠡ᠎ ᠬᠤᠷᠠᠯ ᠤᠨ ᠭᠡᠰᠢᠭᠦᠳ ᠪᠤᠯᠦᠠ ᠵᠠᠰᠠᠭ ᠤᠨ ᠭᠠᠵᠠᠷ ᠤᠨ ᠬᠤᠯᠪᠦᠬᠳᠡᠬᠤ ᠪᠠᠢᠭᠤᠯᠤᠯᠭ᠎ᠠ ᠨᠤᠭᠤᠳ ᠦᠨ ᠲᠥᠯᠦᠭᠡᠯᠡᠯ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠤᠨ ᠳ᠋ᠠᠴᠢᠩ ᠬᠣᠲᠠ ᠳᠤ ᠣᠴᠢᠵᠤ᠂ ᠳ᠋ᠠᠴᠢᠩ ᠤᠢᠯ ᠹᠢᠯᠳ᠋ ᠺᠣᠮᠫᠠᠨᠢ ᠶᠢᠨ ᠲᠥᠯᠥᠭᠡᠯᠡᠨ ᠤᠳᠤᠷᠢᠳᠬᠤ ᠵᠥᠪᠯᠡᠯ ᠦᠨ ᠳᠠᠷᠤᠭ᠎ᠠ ᠵᠤ ᠭᠦᠧᠸ ᠸᠧᠨ᠂ ᠶᠡᠷᠦᠩᠬᠡᠶ ᠵᠠᠬᠢᠷᠤᠯ ᠯᠢᠦ ᠹᠧᠨ ᠾᠸ᠂ ᠳᠡᠳ᠋ ᠵᠠᠬᠢᠷᠤᠯ ᠹᠠᠩ ᠵᠦᠩ ᠯᠢᠩ ᠵᠡᠷᠭᠡ ᠲᠤᠰ ᠺᠣᠮᠫᠠᠨᠢ ᠶᠢᠨ ᠤᠳᠤᠷᠢᠳᠤᠯᠭ᠎ᠠ ᠨᠠᠷ ᠲᠠᠢ ᠠᠭᠤᠯᠵᠠᠯᠲᠠ ᠬᠢᠵᠦ᠂ ᠬᠣᠶᠠᠷ ᠲᠠᠯ᠎ᠠ ᠶᠢᠨ ᠬᠠᠮᠲᠤ ᠶ᠋ᠢᠨ ᠠᠵᠢᠯᠯᠠᠭᠠᠨ ᠤ ᠲᠠᠯ᠎ᠠ ᠪᠠᠷ ᠬᠡᠯᠡᠯᠴᠡᠵᠦ᠂ ᠰᠠᠨᠠᠯ ᠰᠣᠯᠢᠯᠴᠠᠭᠰᠠᠨ ᠪᠡᠢᠨ᠎ᠡ ᠃

ᠴ᠎∙ ᠲᠤᠸᠠᠨ 2025 ᠣᠨ ᠳᠤ ᠣᠯᠪᠤᠷᠢᠯᠠᠯᠲᠠ ᠶᠢᠨ ᠬᠡᠮᠵᠢᠶ᠎ᠡ ᠶᠢ 750 ᠮᠢᠩᠭᠠᠨ ᠲᠣᠨ ᠳᠤ ᠬᠦᠷᠭᠡᠬᠦ᠂ ᠲᠡᠭᠦᠨᠴᠢᠯᠡᠨ ᠮᠣᠩᠭᠣᠯ ᠤᠯᠤᠰ ᠲᠤ ᠬᠡᠷᠡᠭ᠍ᠵᠢᠭᠦᠯᠵᠦ ᠪᠤᠶ ᠭᠠᠵᠠᠷ ᠤᠨ ᠲᠣᠰᠤᠨ ᠤ ᠦᠢᠯᠡᠳᠪᠦᠷᠢ ᠶᠢ ᠲᠦᠭᠦᠬᠡᠢ ᠡᠳ᠋ ᠢᠶᠡᠷ ᠬᠠᠩᠭᠠᠬᠤ᠂ ᠬᠠᠢᠭᠤᠯ ᠰᠤᠳᠤᠯᠭᠠᠨ ᠤ ᠠᠵᠢᠯ ᠢ ᠡᠷᠴᠢᠮᠵᠢᠭᠦᠯᠬᠦ᠂ ᠨᠥᠭᠡᠴᠡ ᠶᠢ ᠦᠰᠭᠡᠬᠦ ᠴᠢᠭ᠍ᠯᠡᠯ ᠢᠶᠡᠷ ᠢᠳᠡᠪᠬᠢᠲᠡᠢ ᠬᠠᠮᠲᠤᠷᠠᠨ ᠠᠵᠢᠯᠯᠠᠬᠤ ᠶᠢ ᠬᠦᠰᠡᠵᠡᠢ᠃

ᠳ᠋ᠠᠴᠢᠩ ᠤᠢᠯ ᠹᠢᠯᠳ᠋ ᠻᠣᠮᠫᠠᠨᠢ 60 ᠭᠠᠷᠦᠢ ᠵᠢᠯ ᠦᠨ ᠬᠥᠭ᠍ᠵᠢᠯ ᠤᠨ ᠲᠡᠦᠬᠡᠨ ᠳᠡᠬᠡᠨ 2.5 ᠲᠡᠷᠪᠤᠮ ᠲᠣᠨ ᠭᠠᠵᠠᠷ ᠤᠨ ᠲᠣᠰᠤᠨ ᠤ ᠣᠯᠪᠤᠷᠢᠯᠠᠯᠲᠠ ᠬᠢᠭ᠍ᠰᠡᠨ ᠪᠥᠭᠡᠳ ᠡᠭᠦᠨ ᠠᠴᠠ 9.8 ᠰᠠᠶ᠎ᠠ ᠲᠣᠨ ᠢ ᠮᠣᠩᠭᠣᠯ ᠤᠯᠤᠰ ᠠᠴᠠ ᠣᠯᠪᠤᠷᠢᠯᠠᠵᠡᠢ᠃ 2005 ᠣᠨ ᠠᠴᠠ  ᠲᠠᠮᠰᠤᠭ ᠤᠨ ᠲᠥᠰᠥᠯ ᠳᠤ ᠨᠡᠢᠲᠡ ᠳᠥᠷᠪᠡᠨ ᠲᠡᠷᠪᠤᠮ ᠳ᠋ᠣᠯᠯᠠᠷ ᠤᠨ ᠬᠥᠷᠥᠩᠭᠡ ᠣᠷᠤᠭᠤᠯᠤᠯᠲᠠ ᠬᠢᠵᠦ ᠮᠣᠩᠭᠣᠯ ᠤᠯᠤᠰ ᠤᠨ ᠲᠥᠰᠦᠪ ᠲᠤ 1.1 ᠲᠡᠷᠪᠤᠮ ᠳ᠋ᠣᠯᠯᠠᠷ ᠤᠨ ᠣᠷᠣᠯᠭ᠎ᠠ ᠣᠷᠣᠭᠤᠯᠤᠭᠰᠠᠨ ᠪᠡᠢᠨ᠎ᠡ ᠃

ᠰᠡᠳᠬᠢᠭᠳᠡᠯ ᠦᠯᠡᠳᠡᠭᠡᠬᠦ