ᠰᠤᠷᠤᠭ᠌ᠴᠢᠳ ᠲᠤ ᠮᠣᠳᠤ ᠲᠠᠷᠢᠬᠤ᠂ ᠤᠷᠭᠤᠭᠤᠯᠬᠤ ᠶᠢᠨ ᠠᠴᠢ ᠲᠤᠰᠠ ᠶᠢ ᠲᠠᠨᠢᠭᠤᠯᠵᠤ ᠪᠡᠢᠢᠨ᠎ᠡ | News.MN

ᠰᠤᠷᠤᠭ᠌ᠴᠢᠳ ᠲᠤ ᠮᠣᠳᠤ ᠲᠠᠷᠢᠬᠤ᠂ ᠤᠷᠭᠤᠭᠤᠯᠬᠤ ᠶᠢᠨ ᠠᠴᠢ ᠲᠤᠰᠠ ᠶᠢ ᠲᠠᠨᠢᠭᠤᠯᠵᠤ ᠪᠡᠢᠢᠨ᠎ᠡ

《ᠲᠡᠷᠪᠤᠮ ᠮᠣᠳᠤ》ᠦᠨᠳᠦᠰᠦᠨ ᠤ ᠬᠥᠳᠡᠯᠭᠡᠭᠡᠨ ᠤ ᠬᠦᠷᠢᠶᠡᠨ ᠳᠤ ᠪᠠᠶᠠᠩᠬᠣᠩᠭᠣᠷ ᠣᠢ  ᠶᠢᠨ ᠠᠩᠭᠢ ᠶᠡᠷᠦᠩᠬᠡᠶ ᠪᠣᠯᠪᠠᠰᠤᠷᠠᠯ ᠤᠨ ᠰᠤᠷᠤᠭ᠌ᠴᠢᠳ ᠲᠤ ᠮᠣᠳᠤ ᠲᠠᠷᠢᠬᠤ ᠶᠢᠨ ᠠᠴᠢ ᠲᠤᠰᠠ᠂ ᠲᠠᠷᠢᠬᠤ᠂ ᠠᠷᠠᠴᠢᠯᠠᠬᠤ ᠰᠤᠷᠭᠠᠯᠲᠠ ᠶᠢ ᠵᠣᠬᠢᠶᠠᠨ ᠪᠠᠢᠭᠤᠯᠵᠤ ᠪᠤᠶ᠃ ᠡᠭᠡᠯᠵᠢᠲᠦ ᠰᠤᠷᠭᠠᠯᠲᠠ ᠶᠢ ᠶᠡᠷᠦᠩᠬᠡᠶ ᠪᠣᠯᠪᠠᠰᠤᠷᠠᠯ ᠤᠨ ᠭᠡᠭᠡᠠ ᠰᠤᠮᠠᠳᠢ ᠰᠤᠷᠭᠠᠭᠤᠯᠢ ᠶᠢᠨ 4-5 ᠳ᠋ᠤᠭᠠᠷ ᠠᠩᠭᠢ ᠶᠢᠨ 120 ᠰᠤᠷᠤᠭ᠌ᠴᠢ ᠳᠤ《ᠬᠠᠢᠷᠠᠯᠠᠵᠤ ᠤᠷᠭᠤᠭᠤᠯᠬᠤ 365 ᠬᠣᠨᠤᠭ 》ᠰᠡᠳᠦᠪ ᠦᠨ ᠬᠦᠷᠢᠶᠡᠨ ᠳᠤ ᠵᠣᠬᠢᠶᠠᠨ ᠪᠠᠢᠭᠤᠯᠪᠠ ᠃

ᠲᠤᠰ ᠰᠤᠷᠭᠠᠯᠲᠠ ᠪᠠᠷ ᠬᠡᠦᠬᠡᠳ ᠪᠠᠭᠠᠴᠤᠳ ᠲᠤ ᠶᠡᠭᠠᠬᠢᠭᠠᠦᠠ ᠮᠣᠳᠤ ᠲᠠᠷᠢᠬᠤ ᠶᠣᠰᠤᠲᠠᠶ᠂ ᠲᠠᠷᠢᠵᠤ ᠤᠷᠭᠤᠭᠤᠯᠤᠭᠰᠠᠨ ᠮᠣᠳᠣ ᠶᠢ ᠬᠤᠭᠤᠯᠵᠤ ᠭᠡᠮᠲᠦᠭᠡᠬᠦ ᠦᠭᠡᠢ ᠪᠠᠢᠬᠤ᠂ ᠬᠠᠰᠢᠶᠠᠨ ᠳᠤ ᠪᠠᠨ ᠮᠣᠳᠤ ᠲᠠᠷᠢᠵᠤ ᠤᠷᠭᠤᠭᠤᠯᠬᠤ ᠠᠷᠭᠠᠴᠢᠯᠠᠯ ᠢ  ᠲᠠᠨᠢᠭᠤᠯᠵᠠᠢ᠃  ᠮᠥᠨ ᠲᠤᠰ ᠰᠤᠷᠭᠠᠭᠤᠯᠢ ᠶᠢᠨ ᠶᠢᠰᠦᠳᠦᠭᠡᠷ ᠠᠩᠭᠢ ᠶᠢᠨ ᠡᠺᠤ ᠺᠯᠦ᠋ᠪ ᠤᠨ 27 ᠰᠤᠷᠤᠭ᠌ᠴᠢ ᠳᠤ《ᠪᠤᠷᠭᠠᠰᠤ ᠮᠣᠳᠤᠨ ᠤ ᠰᠠᠪᠠᠭ᠎ᠠ ᠮᠥᠴᠢᠷ ᠪᠡᠯᠡᠳᠬᠡᠬᠦ 》ᠰᠤᠷᠭᠠᠯᠲᠠ ᠶᠢ ᠵᠣᠬᠢᠶᠠᠨ ᠪᠠᠢᠭᠤᠯᠵᠤ᠂ ᠳᠠᠳᠤᠯᠭ᠎ᠠ ᠠᠵᠢᠯ ᠬᠢᠯᠭᠡᠵᠦ᠂ ᠮᠣᠳᠤ ᠲᠠᠷᠢᠵᠤ ᠤᠷᠭᠤᠭᠤᠯᠬᠤ ᠵᠢᠭᠠᠪᠤᠷᠢ ᠵᠥᠪᠯᠡᠮᠵᠢ ᠶᠢ ᠥᠭ᠍ᠭᠦᠭ᠍ᠰᠡᠨ ᠪᠡᠢᠨ᠎ᠡ᠃

ᠰᠡᠳᠬᠢᠭᠳᠡᠯ ᠦᠯᠡᠳᠡᠭᠡᠬᠦ