ᠥᠰᠪᠦᠷᠢ ᠶᠢᠨ ᠵᠢᠤᠳᠤᠤᠴᠢᠳ ᠢᠲ᠋ᠡᠯᠢ᠂ ᠰᠯᠦᠸᠡᠺᠢᠶᠠ ᠤᠯᠤᠰ ᠲᠤ ᠪᠣᠯᠣᠭᠰᠠᠨ ᠥᠰᠪᠦᠷᠢ ᠶᠢᠨ ᠵᠢᠤᠳᠤᠤᠴᠢᠳ ᠤᠨ ᠡᠸᠦ᠋ᠷᠦᠫᠡ ᠶᠢᠨ ᠴᠣᠮᠣ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠶᠢᠰᠤᠨ ᠮᠧᠳᠠᠯ ᠬᠦᠷᠲᠡᠪᠡ ᠃
ᠲᠣᠳᠣᠷᠠᠭᠤᠯᠪᠠᠯ᠂ ᠳᠣᠯᠣᠭ᠎ᠠ ᠬᠣᠨᠣᠭ ᠤᠨ ᠡᠮᠦᠨ᠎ᠡ ᠪᠣᠯᠣᠭᠰᠠᠨ ᠢᠲ᠋ᠠᠯᠢ ᠶᠢᠨ ᠲᠡᠮᠡᠴᠡᠭᠡᠨ ᠡᠴᠡ ᠭᠤᠷᠪᠠᠨ ᠠᠯᠳᠠ᠂ ᠬᠣᠶᠠᠷ ᠬᠦᠷᠡᠯ ᠮᠧᠳᠠᠯ ᠠᠪᠤᠭᠰᠠᠨ᠃ ᠬᠠᠷᠢᠨ ᠥᠴᠥᠭᠡᠳᠦᠷ ᠰᠯᠦᠸᠡᠺᠢᠶᠠ ᠶᠢᠨ ᠰᠠᠮᠤᠷᠢᠨ ᠬᠣᠲᠠ ᠳᠤ ᠪᠣᠯᠣᠭᠰᠠᠨ ᠲᠡᠮᠡᠴᠡᠭᠡᠨ ᠡᠴᠡ ᠬᠣᠶᠠᠷ ᠠᠯᠳᠠ ᠂ ᠬᠣᠶᠠᠷ ᠬᠦᠷᠡᠯ ᠮᠧᠳᠠᠯ ᠬᠦᠷᠲᠡᠯ᠎ᠡ᠃ ᠲᠤᠰ ᠲᠡᠮᠡᠴᠡᠭᠡᠨ ᠤ ᠥᠬᠢᠳ ᠦᠨ 52 ᠺᠢᠯᠣᠭ᠍ᠷᠠᠮ ᠤᠨ ᠵᠢᠩ ᠳᠤ ᠪ ∙ ᠭᠦᠨᠳᠡᠭ᠍ᠮᠠ᠂ 63 ᠺᠢᠯᠣᠭ᠍ᠷᠠᠮ ᠳᠤ ᠬ·ᠮᠠᠷᠠᠯᠮᠠ ᠠᠯᠲᠠᠨ ᠮᠧᠳᠠᠯ ᠢᠶᠠᠷ ᠡᠩᠭᠡᠷ ᠢᠶᠡᠨ ᠮᠢᠯᠢᠶᠠᠵᠤ᠂ ᠬᠥᠪᠡᠭᠦᠳ ᠦᠨ 55 ᠺᠢᠯᠣᠭ᠍ᠷᠠᠮ ᠳᠤ ᠫ᠊· ᠠᠯᠲᠠᠨᠴᠤᠤᠵᠢ᠂ ᠥᠬᠢᠳ ᠦᠨ 57 ᠺᠢᠯᠣᠭ᠍ᠷᠠᠮ ᠳᠤ ᠮ ∙ ᠴᠡᠨᠳᠡᠪᠠᠽᠠᠷ ᠨᠠᠷ ᠬᠦᠷᠡᠯ ᠮᠸᠲ᠋ᠠᠯ ᠲᠠᠪᠴᠠᠩ ᠳᠤ ᠵᠣᠭᠰᠣᠯ᠎ᠠ ᠃