ᠮᠣᠩᠭᠣᠯ ᠤᠨ ᠪᠣᠺᠰ ᠤᠨ ᠰᠢᠭ᠍ᠰᠢᠭᠡ ᠪᠠᠭ ᠢ ᠺᠦᠪᠠ ᠬᠥᠮᠦᠨ ᠳᠠᠰᠬᠠᠯᠵᠢᠭᠤᠯᠤᠨ᠎ᠠ | News.MN

ᠮᠣᠩᠭᠣᠯ ᠤᠨ ᠪᠣᠺᠰ ᠤᠨ ᠰᠢᠭ᠍ᠰᠢᠭᠡ ᠪᠠᠭ ᠢ ᠺᠦᠪᠠ ᠬᠥᠮᠦᠨ ᠳᠠᠰᠬᠠᠯᠵᠢᠭᠤᠯᠤᠨ᠎ᠠ

ᠮᠣᠩᠭᠣᠯ ᠤᠨ ᠪᠣᠺᠰ ᠤᠨ ᠦᠨᠳᠦᠰᠦᠨ ᠤ ᠰᠢᠭ᠍ᠰᠢᠭᠡ ᠪᠠᠭ ᠢ ᠺᠦᠪᠠ ᠤᠯᠤᠰ ᠤᠨ ᠲᠠᠮᠢᠷᠴᠢᠨ ᠷᠤᠪᠧᠨ  ᠫᠢᠨᠧᠷᠤ᠋  ᠰᠠᠨᠴᠧᠰ ᠳᠠᠰᠬᠠᠯᠵᠢᠭᠤᠯᠬᠤ ᠪᠠᠷ ᠪᠣᠯᠣᠯ᠎ᠠ᠃ ᠲᠡᠷᠡ ᠪᠡᠷ ᠵᠢᠷᠭᠤᠭᠠᠨ ᠰᠠᠷ᠎ᠠ ᠶᠢᠨ ᠬᠤᠭᠤᠴᠠᠭ᠎ᠠ ᠲᠠᠢ ᠠᠬᠠᠯᠠᠬᠤ ᠳᠠᠰᠬᠠᠯᠵᠢᠭᠤᠯᠤᠭ᠌ᠴᠢ ᠶᠢᠨ ᠭᠡᠷ᠎ᠡ ᠪᠠᠢᠭᠤᠯᠤᠭᠰᠠᠨ ᠢ  ᠮᠣᠩᠭᠣᠯ ᠤᠨ ᠪᠣᠺᠰ ᠤᠨ ᠬᠣᠯᠪᠣᠭᠠᠨ ᠠᠴᠠ ᠥᠴᠥᠭᠡᠳᠦᠷ ᠮᠡᠳᠡᠭᠡᠯᠡᠪᠡ᠃ 2004-2005 ᠣᠨ ᠤ ᠤᠯᠢᠮᠫᠢᠺ ᠤᠨ ᠠᠪᠤᠷᠭᠤ ᠷᠤᠪᠧᠨ ᠫᠢᠨᠧᠷᠤ᠋ ᠰᠠᠨᠴᠧᠰ ᠠᠯᠢ ᠬᠡᠳᠦᠢᠨ ᠮᠣᠩᠭᠣᠯ ᠤᠨ ᠰᠢᠭ᠍ᠰᠢᠭᠡ ᠪᠠᠭ ᠢ ᠳᠠᠰᠬᠠᠯᠵᠢᠭᠤᠯᠵᠤ ᠡᠬᠢᠯᠡᠭ᠍ᠰᠡᠨ ᠪᠡᠢᠨ᠎ᠡ ᠃

ᠲᠡᠷᠡ ᠪᠡᠷ ᠪᠡᠭᠡᠵᠢᠩ ᠦᠨ ᠤᠯᠢᠮᠫᠢᠺ ᠤᠨ ᠠᠪᠤᠷᠭᠤ ᠪᠣᠻᠰᠴᠢᠨ ᠡ᠊᠎· ᠪᠠᠳᠠᠷ ᠤᠤᠭᠠᠨ ᠢ ᠳᠠᠰᠬᠠᠯᠵᠢᠭᠤᠯᠵᠤ ᠪᠠᠢᠵᠠᠢ᠃ ᠰᠣᠨᠢᠷᠬᠠᠭᠤᠯᠬᠤ ᠳᠤ᠂《ᠫᠠᠷᠢᠰ – 2024》ᠤᠯᠢᠮᠫᠢᠺ ᠲᠤ ᠮᠣᠩᠭᠣᠯ ᠤᠨ ᠪᠠᠭ ᠤᠨ ᠠᠬᠠᠯᠠᠬᠤ ᠳᠠᠰᠬᠠᠯᠵᠢᠭᠤᠯᠤᠭ᠌ᠴᠢ ᠪᠠᠷ ᠪ ∙ ᠡᠷᠳᠡᠨᠢᠪᠠᠶᠠᠷ ᠂ ᠲᠤᠰᠠᠯᠠᠬᠤ ᠳᠠᠰᠬᠠᠯᠵᠢᠭᠤᠯᠤᠭ᠌ᠴᠢ ᠪᠠᠷ ᠳ᠎· ᠣᠳᠬᠤᠨᠳᠠᠯᠠᠢ ᠠᠵᠢᠯᠯᠠᠵᠤ ᠪᠠᠢᠪᠠ ᠃

ᠰᠡᠳᠬᠢᠭᠳᠡᠯ ᠦᠯᠡᠳᠡᠭᠡᠬᠦ