ᠮᠣᠩᠭᠣᠯ ᠤᠯᠤᠰ ᠠᠴᠠ ᠠᠮᠧᠷᠢᠺᠠ ᠳᠤ ᠰᠠᠭᠤᠭ᠎ᠠ ᠡᠯᠴᠢᠨ ᠰᠠᠢᠳ ᠤᠨ ᠶᠠᠮᠤᠨ᠂ ᠮᠣᠩᠭᠣᠯ ᠰᠣᠶᠤᠯ ᠤᠨ ᠲᠥᠪ ᠲᠠᠢ ᠬᠠᠮᠲᠤᠷᠠᠨ《ᠣᠯᠠᠨ ᠤᠯᠤᠰ ᠤᠨ ᠮᠣᠩᠭᠣᠯ ᠰᠤᠳᠤᠯᠤᠯ ᠤᠨ ᠡᠷᠳᠡᠮ ᠰᠢᠨᠵᠢᠯᠡᠭᠡᠨ ᠤ ᠠᠷᠪᠠᠨ ᠳᠣᠯᠣᠳᠤᠭᠠᠷ ᠪᠡᠭ᠎ᠠ ᠬᠤᠷᠠᠯ 》 ᠢ ᠡᠨᠡ ᠰᠠᠷ᠎ᠠ ᠶᠢᠨ 14-15 ᠳᠤ ᠵᠣᠬᠢᠶᠠᠨ ᠪᠠᠢᠭᠤᠯᠤᠯ᠎ᠠ᠃ ᠬᠤᠷᠠᠯ ᠳᠤ ᠵᠤᠷᠵᠢ ᠸᠠᠰᠢᠩᠲ᠋ᠣᠨ᠂ ᠡᠮᠦᠨᠡᠳᠦ ᠺᠠᠷᠤᠯᠢᠨᠠ᠂ ᠡᠮᠦᠨᠡᠳᠦ ᠳ᠋ᠠᠺᠤᠲ᠋ᠠ᠂ ᠵᠡᠭᠦᠨ ᠲᠧᠨᠨᠧᠰᠰᠢ ᠮᠤᠵᠢ᠂ ᠪᠠᠷᠠᠭᠤᠨ ᠸᠠᠰᠢᠩᠲ᠋ᠣᠨ᠂ ᠨᠢᠦ᠋ ᠶᠣᠷᠺ ᠤᠨ ᠶᠡᠬᠡ ᠰᠤᠷᠭᠠᠭᠤᠯᠢ ᠨᠤᠭᠤᠳ᠂ ᠺᠠᠨᠠᠳᠠ ᠶᠢᠨ ᠯᠠᠸᠠᠯᠢᠯ ᠤᠨ ᠶᠡᠭᠡ ᠰᠤᠷᠭᠠᠭᠤᠯᠢ᠂ ᠮᠣᠩᠭᠣᠯ ᠠᠴᠠ ᠠᠮᠸᠷᠢᠺᠡ ᠳ᠋ᠡᠬᠢ ᠮᠣᠩᠭᠣᠯ ᠰᠤᠳᠤᠯᠤᠯ ᠤᠨ ᠲᠥᠪ᠂ ᠮᠣᠩᠭᠣᠯ ᠤᠯᠤᠰ ᠤᠨ ᠪᠠᠭ᠌ᠰᠢ ᠶᠢᠨ ᠶᠡᠬᠡ ᠰᠤᠷᠭᠠᠭᠤᠯᠢ᠂ ᠰᠤᠶᠦᠯ ᠤᠷᠠᠯᠢᠭ ᠤᠨ ᠶᠡᠭᠡ ᠰᠤᠷᠭᠠᠭᠤᠯᠢ᠂ ᠠᠨᠠᠭᠠᠬᠤ ᠶᠢᠨ ᠰᠢᠨᠵᠢᠯᠡᠬᠦ ᠤᠬᠠᠭᠠᠨ ᠤ ᠦᠨᠳᠦᠰᠦᠨ ᠦ ᠶᠡᠬᠡ ᠰᠤᠷᠭᠠᠭᠤᠯᠢ᠂《ᠣᠲᠠᠴᠢ ᠮᠠᠷᠠᠮᠪᠠ》ᠵᠡᠷᠭᠡ ᠶᠡᠭᠡ ᠰᠤᠷᠭᠠᠭᠤᠯᠢ ᠶᠢᠨ 30 ᠭᠠᠷᠦᠢ ᠰᠤᠳᠤᠯᠤᠭᠠᠴᠢ ᠣᠷᠣᠯᠴᠠᠪᠠ᠃ ᠲᠡᠳᠡ ᠮᠣᠩᠭᠣᠯ ᠤᠨ ᠲᠡᠦᠬᠡ᠂ ᠬᠡᠯᠡ ᠰᠢᠨᠵᠢᠯᠡᠯ ᠂ ᠰᠤᠶᠦᠯ ᠤᠷᠠᠯᠢᠭ᠂ ᠠᠷᠭᠸᠦᠯᠦᠬᠢ᠂ ᠤᠯᠠᠮᠵᠢᠯᠠᠯᠲᠤ ᠠᠨᠠᠭᠠᠬᠤ ᠤᠬᠠᠭᠠᠨ ᠂ ᠤᠭᠰᠠᠭᠠᠲᠠᠨ ᠤ ᠵᠦᠶ ᠂ ᠪᠠᠢᠭᠠᠯᠢ ᠤᠷᠴᠢᠨ ᠂ ᠨᠡᠢᠭᠡᠮ ᠤᠨ ᠰᠠᠯᠪᠤᠷᠢ ᠶᠢᠨ ᠰᠤᠳᠤᠯᠭ᠎ᠠ ᠪᠠᠨ ᠲᠠᠨᠢᠯᠴᠠᠭᠤᠯᠤᠭᠰᠠᠨ ᠪᠡᠢᠢᠨ᠎ᠡ ᠃
ᠬᠤᠷᠠᠯ ᠤᠨ ᠦᠶ᠎ᠡ ᠪᠠᠷ ᠠᠮᠧᠷᠢᠺᠠ ᠶᠢᠨ ᠠᠷᠬᠧᠣᠯᠣᠭᠢᠴᠢ ᠸᠢᠯᠶᠠᠮ ᠹᠢᠲ᠌ᠼᠾᠢᠤ᠋᠂ ᠷᠢᠴᠠᠷᠳ᠋ ᠺᠤᠷᠲ᠋ᠤᠮ ᠨᠠᠷ ᠤᠨ 《 Ritual Landscape Rock Art and Archaeology in Mongolian Altai 》 ᠨᠣᠮ ᠤᠨ ᠪᠠᠶᠠᠷ ᠢ ᠬᠢᠭ᠍ᠰᠡᠨ ᠡᠴᠡ ᠭᠠᠳᠡᠨ᠎ᠡ ᠬᠤᠷᠠᠯ ᠳᠤ ᠣᠷᠣᠯᠴᠠᠭᠰᠠᠨ᠂ ᠰᠣᠨᠢᠷᠬᠠᠭᠰᠠᠨ 100 ᠭᠠᠷᠦᠢ ᠬᠥᠮᠦᠨ ᠠᠮᠧᠷᠢᠺᠠ ᠶᠢᠨ ᠤᠯᠤᠰ ᠤᠨ ᠬᠤᠷᠠᠯ︵ ᠺᠣᠩᠭ᠍ᠷᠸᠰ︶ ᠤᠨ ᠨᠣᠮ ᠤᠨ ᠰᠠᠩ ᠤᠨ ᠠᠽᠢᠶ᠎ᠠ ᠶᠢᠨ ᠬᠡᠰᠡᠭ ᠲᠤ ᠪᠠᠢᠷᠢᠯᠠᠬᠤ ᠮᠣᠩᠭᠣᠯ ᠳᠤ ᠬᠠᠮᠢᠶᠡᠷᠬᠤ ᠬᠤᠪᠦᠷ ᠨᠣᠮ ᠂ ᠪᠦᠲᠦᠭᠡᠯ ᠲᠡᠢ ᠲᠠᠨᠢᠯᠴᠠᠵᠠᠢ ᠃