《ᠴᠢᠮᠡᠭᠡ ᠦᠭᠡᠢ ᠬᠣᠲᠠ ᠶᠢᠨ ᠵᠢᠯᠤᠭᠤᠴᠢ》ᠺᠢᠨᠣ᠋ ᠤᠰᠠᠺᠠ ᠶᠢᠨ ᠠᠽᠢᠶ᠎ᠠ ᠶᠢᠨ ᠬᠡᠰᠡᠭ ᠲᠤ ᠰᠢᠯᠭᠠᠷᠠᠵᠠᠢ | News.MN

《ᠴᠢᠮᠡᠭᠡ ᠦᠭᠡᠢ ᠬᠣᠲᠠ ᠶᠢᠨ ᠵᠢᠯᠤᠭᠤᠴᠢ》ᠺᠢᠨᠣ᠋ ᠤᠰᠠᠺᠠ ᠶᠢᠨ ᠠᠽᠢᠶ᠎ᠠ ᠶᠢᠨ ᠬᠡᠰᠡᠭ ᠲᠤ ᠰᠢᠯᠭᠠᠷᠠᠵᠠᠢ

ᠨᠠᠢᠷᠠᠭᠤᠯᠤᠭ᠌ᠴᠢ ᠵ᠎·ᠰᠡᠩᠭᠡᠳᠣᠷᠵᠢ ᠶᠢᠨ《Silent City Driver》ᠪᠤᠶᠤ《ᠴᠢᠮᠡᠭᠡ ᠦᠭᠡᠢ ᠬᠣᠲᠠ ᠶᠢᠨ ᠵᠢᠯᠤᠭᠤᠴᠢ》ᠺᠢᠨᠣ᠋  ᠤᠰᠠᠺᠠ ᠶᠢᠨ ᠠᠽᠢᠶ᠎ᠠ ᠶᠢᠨ ᠣᠯᠠᠨ ᠤᠯᠤᠰ ᠤᠨ ᠺᠢᠨᠣ᠋ ᠨᠠᠭᠠᠳᠤᠮ ᠤᠨ ᠤᠷᠤᠯᠳᠤᠭᠠᠨᠲᠤ ᠬᠡᠰᠡᠭ ᠲᠤ ᠰᠢᠯᠭᠠᠷᠠᠭᠰᠠᠨ ᠪᠡᠢᠨ᠎ᠡ᠃ 2024 ᠣᠨ ᠳᠤ  ᠤᠰᠠᠺᠠ ᠶᠢᠨ ᠠᠽᠢᠶ᠎ᠠ ᠶᠢᠨ ᠣᠯᠠᠨ ᠤᠯᠤᠰ ᠤᠨ ᠨᠠᠭᠠᠳᠤᠮ ᠤᠨ ᠰᠢᠯᠢᠳᠡᠭ ᠺᠢᠨᠣ᠋ ᠶᠢᠨ ᠲᠡᠷᠢᠬᠦᠠ ᠱᠠᠩᠨᠠᠯ ᠢ ᠨᠠᠢᠢᠷᠠᠭᠤᠯᠤᠭ᠌ᠴᠢ ᠫ᠊᠎·ᠯᠾᠠᠪᠠᠳᠤᠯᠮ᠎ᠠ ᠶᠢᠨ《ᠰᠡᠷ ᠰᠡᠷ ᠰᠠᠯᠬᠢ》ᠬᠦᠷᠲᠡᠵᠦ ᠪᠠᠢᠭᠰᠠᠨ ᠶᠤᠮ ᠃

ᠲᠤᠰ ᠺᠢᠨᠣ᠋ ᠨᠢ 2024 ᠣᠨ ᠤ ᠠᠷᠪᠠᠨ ᠨᠢᠭᠡᠳᠦᠭᠡᠷ ᠰᠠᠷ᠎ᠠ ᠳᠤ ᠳᠡᠯᠡᠬᠡᠢ ᠶᠢᠨ ᠺᠢᠨᠣ᠋ ᠤᠷᠠᠯᠢᠭ ᠤᠨ《ᠠ》ᠵᠡᠷᠭᠡᠯᠡᠯ ᠦᠨ Talling Black Night Film Festival  ᠳᠦ  ᠭᠷᠡᠨᠫᠷᠢ ᠱᠠᠩᠨᠠᠯ  ᠪᠣᠯᠣᠨ《ᠰᠢᠯᠢᠳᠡᠭ ᠵᠢᠷᠤᠭᠠᠴᠢ 》ᠱᠠᠩᠨᠠᠯ ᠬᠦᠷᠲᠡᠵᠦ ᠪᠠᠢᠭᠰᠠᠨ ᠪᠢᠯᠡ᠃ ᠤᠭ ᠦᠵᠡᠭᠦᠯᠭᠡ ᠳᠤ 80 ᠣᠷᠣᠨ ᠤ 280 ᠤᠷᠠᠨ ᠰᠠᠢᠬᠠᠨ ᠤ ᠺᠢᠨᠣ᠋ ᠥᠷᠢᠰᠦᠯᠳᠦᠵᠦ᠂ 60 ᠣᠷᠣᠨ ᠤ 1500 ᠭᠠᠷᠦᠢ ᠤᠷᠠᠨ ᠪᠦᠲᠦᠭᠡᠯᠴᠢᠳ᠂ ᠰᠡᠳᠬᠦᠯᠴᠢ᠂ ᠰᠢᠭᠦᠮᠵᠢᠯᠡᠭ᠍ᠴᠢᠳ ᠴᠤᠭᠯᠠᠵᠤ᠂ 800 ᠤᠳᠠᠭ᠎ᠠ ᠶᠢᠨ ᠦᠵᠡᠪᠦᠷᠢ ᠶᠢ 150000 ᠣᠷᠴᠢᠮ ᠦᠵᠡᠭ᠍ᠴᠢᠳ ᠦᠵᠡᠵᠦ ᠰᠣᠨᠢᠷᠬᠠᠭᠰᠠᠨ ᠪᠡᠢᠨ᠎ᠡ᠃ ᠮᠥᠨ《Asian movie pulse》ᠰᠠᠢᠲ ᠠᠴᠠ ᠡᠷᠬᠢᠯᠡᠨ ᠭᠠᠷᠭᠠᠭᠰᠠᠨ 2024 ᠣᠨ ᠤ ᠰᠢᠯᠢᠳᠡᠭ 30 ᠠᠽᠢᠶ᠎ᠠ ᠺᠢᠨᠣ᠋ ᠶᠢᠨ ᠵᠢᠭ᠌ᠰᠠᠭᠠᠯᠲᠠ ᠳᠤ ᠪᠠᠭᠲᠠᠵᠤ ᠪᠠᠢᠭᠰᠠᠨ ᠶᠤᠮ᠃

ᠰᠡᠳᠬᠢᠭᠳᠡᠯ ᠦᠯᠡᠳᠡᠭᠡᠬᠦ