ᠹᠢᠲ᠋ᠨᠧᠰᠰ ᠦᠨ ᠮᠣᠳ᠋ᠧᠯ ᠮᠣᠩᠭᠣᠯ ᠤᠯᠤᠰ ᠤᠨ ᠭᠠᠪᠢᠶᠠᠲᠤ ᠲᠠᠮᠢᠷᠴᠢᠨ ᠪᠠ᠊᠂ ᠰᠠᠭᠤᠷᠢᠰᠦᠷᠦᠩ ᠮᠣᠩᠭᠣᠯ ᠤᠨ ᠪᠣᠳᠢᠪᠢᠯᠢᠳᠢᠨ ᠶᠢᠨ ᠹᠢᠲ᠋ᠨᠧᠰᠰ ᠦᠨ ᠬᠥᠭᠵᠢᠯ ᠤᠨ ᠬᠣᠯᠪᠣᠭ᠎ᠠ ᠶᠢ ᠨᠡᠷ᠎ᠡ ᠬᠦᠨᠳᠦ ᠳᠦ ᠵᠣᠷᠢᠭᠤᠳᠠ ᠪᠠᠷ ᠬᠠᠯᠳᠠᠨ᠂ ᠭᠤᠲᠤᠭᠠᠬᠤ ᠣᠷᠤᠯᠳᠤᠯᠭ᠎ᠠ ᠬᠢᠭᠰᠡᠨ ᠭᠡᠵᠦ ᠮᠡᠳᠡᠭᠳᠡᠯ᠎ᠡ᠃ ᠣᠴᠢᠷ ᠨᠢ ᠲᠤᠰ ᠭᠠᠵᠠᠷ ᠠ᠋ᠴᠠ ᠨᠡᠷ᠎ᠡ ᠪᠦᠬᠦᠢ ᠳᠥᠷᠪᠡᠨ ᠲᠠᠮᠢᠷᠴᠢᠨ ᠡᠴᠡ ᠳ᠋ᠣᠫᠢᠩ ᠢᠯᠡᠷᠡᠭᠰᠡᠨ ᠪᠣᠯᠬᠤ ᠶᠢ ᠣᠯᠠᠨ ᠨᠡᠢᠲᠡ ᠳ᠋ᠦ ᠰᠢᠭᠤᠳ ᠵᠠᠷᠯᠠᠭᠰᠠᠨ ᠶᠤᠮ᠃ ᠲᠡᠷᠡ ᠪᠡᠷ ᠰᠢᠨᠵᠢᠯᠡᠭᠡ ᠶ᠋ᠢ ᠳᠣᠯᠣᠭᠠᠨ ᠰᠠᠷ᠎ᠠ ᠶ᠋ᠢᠨ ᠡᠮᠦᠨ᠎ᠡ ᠠᠽᠢ ᠶ᠋ᠢᠨ ᠠᠪᠤᠷᠭᠤ ᠳ᠋ᠤ ᠣᠷᠣᠯᠴᠠᠵᠤ ᠪᠠᠢᠬᠤ ᠳ᠋ᠠᠭᠠᠨ ᠥᠭᠴᠦ ᠬᠠᠷᠢᠭᠤ ᠢᠷᠡᠭᠰᠡᠨ ᠡᠰᠡᠬᠦ ᠶ᠋ᠢ ᠲᠣᠳᠣᠷᠠᠭᠤᠯᠬᠤ ᠳ᠋ᠤ ᠬᠠᠷᠢᠭᠤ ᠬᠡᠯᠡ ᠪᠡᠨ ᠦᠭᠡᠢ ᠪᠠᠢᠨ᠎ᠠ᠃ ᠰᠢᠨᠵᠢᠯᠡᠭᠡ ᠳᠦ ᠪᠦᠳᠦᠷᠢᠭᠰᠡᠨ ᠲᠤᠬᠠᠢ ᠠᠯᠪᠠᠨ ᠪᠢᠴᠢᠭ ᠢᠷᠡᠭᠰᠡᠨ ᠪᠣᠯ ᠶᠠᠭᠢᠭᠠᠳ ᠡᠬᠢᠯᠡᠭᠡᠳ ᠲᠠᠨᠢᠯᠴᠠᠭᠤᠯᠵᠤ᠂ B ᠰᠣᠷᠢᠴᠠ ᠶ᠋ᠢᠨ ᠰᠢᠨᠵᠢᠯᠡᠭᠡ ᠥᠭ᠍ᠬᠦ ᠪᠣᠯᠤᠮᠵᠢ ᠣᠯᠤᠭ᠎ᠠ ᠦᠭᠡᠢ ᠶ᠋ᠢ ᠠᠰᠠᠭᠤᠵᠠᠢ᠃