ᠣᠰᠠᠻᠠ ᠬᠣᠲᠠ ᠶ᠋ᠢᠨ︽ Edion Arena︾ ᠳᠤ ᠭᠤᠷᠪᠠᠳᠤᠭᠠᠷ ᠰᠠᠷ᠎ᠠ ᠶ᠋ᠢᠨ 1—9 ᠤ ᠬᠣᠭᠣᠷᠣᠨᠳᠣ ᠬᠠᠷᠠᠭᠣᠪᠠᠱᠶᠣ᠋ ᠪᠣᠯᠬᠤ ᠪᠠᠷ ᠪᠣᠯᠵᠠᠢ᠃ ᠡᠨᠡ ᠦᠶ᠎ᠡ ᠪᠡᠷ ᠴᠣᠷ ᠤᠨ ᠭᠠᠭᠴᠠ ᠶᠣᠻᠣᠽᠦ᠋ᠨᠠ ᠬᠣᠰᠢᠷᠠᠤ ᠰ᠂ ᠪᠢᠮᠪᠠᠰᠦᠷᠦᠩ ᠢ ᠭᠠᠢᠬᠠᠯᠲᠠᠢ ᠪᠠᠷᠢᠯᠳᠤᠭᠠᠨ ᠬᠢᠵᠦ᠂ ᠢᠯᠠᠯᠲᠠ ᠪᠠᠢᠭᠤᠯᠤᠨ᠎ᠠ ᠭᠡᠵᠦ ᠰᠢᠲᠦᠨ ᠪᠢᠰᠢᠷᠡᠭᠴᠢᠳ ᠨᠢ ᠦᠵᠡᠵᠦ ᠪᠠᠢᠭ᠎ᠠ ᠶᠤᠮ᠃ ᠲᠡᠷᠡ ᠪᠡᠷ ᠢᠷᠡᠬᠦ ᠰᠠᠷ᠎ᠠ ᠳ᠋ᠤ ᠪᠣᠯᠬᠤ ᠲᠡᠮᠡᠴᠡᠭᠡᠨ ᠦ ᠲᠤᠬᠠᠢ ︽ᠨᠠᠳᠠᠳᠤ ᠮᠠᠰᠢ ᠶᠡᠬᠡ ᠤᠷᠮ᠎ᠠ ᠵᠣᠷᠢᠭ ᠥᠭᠦᠯᠡ᠃ ᠪᠢ ᠴᠢᠳᠠᠬᠤ ᠪᠦᠬᠦᠨ ᠶ᠋ᠢᠡᠨ ᠬᠢᠬᠦ ᠪᠣᠯᠤᠨ᠎ᠠ︾ ᠬᠡᠮᠡᠨ ᠠᠮᠠᠯᠠᠵᠠᠢ᠃ ᠠᠩᠬ᠎ᠠ ᠶᠠᠫᠣᠨ ᠳ᠋ᠤ ᠣᠴᠢᠬᠤ ᠳ᠋ᠤ ᠨᠢ ᠶᠠᠫᠣᠨ ᠬᠡᠯᠡ ᠵᠢᠭᠠᠵᠤ ᠪᠠᠢᠬᠰᠠᠨ ᠪᠠᠭᠰᠢ ᠶᠦᠮᠢᠻᠤ ᠣᠻᠠᠳᠠ ᠲᠡᠭᠦᠨ ᠤ ᠲᠤᠬᠠᠢ ᠳᠤᠷᠠᠰᠬᠤ ᠳ᠋ᠠᠭᠠᠨ ᠡᠩ ᠦᠨ ᠨᠢᠭᠡᠨ ᠲᠣᠭᠯᠠᠭᠠᠮ ᠪᠠᠢᠬᠰᠠᠨ ᠴᠤ ᠬᠣᠰᠢᠷᠠᠤ ᠢᠯᠠᠬᠤ ᠶ᠋ᠢᠨ ᠲᠥᠯᠥᠭᠡ ᠲᠣᠭᠯᠠᠳᠠᠭ ᠪᠠᠢᠬᠰᠠᠨ ᠭᠡᠪᠡ᠃