ᠮᠣᠩᠭᠣᠯ ᠤᠯᠤᠰ ᠤᠨ ᠶᠡᠷᠦᠩᠬᠡᠢᠢᠯᠡᠭ᠍ᠴᠢ ᠤ∙ ᠬᠦᠷᠡᠯᠰᠦ᠋ᠬᠡ ᠭᠠᠪᠢᠶᠠᠲᠤ ᠲᠠᠮᠢᠷᠴᠢᠨ ᠡ᠊∙ ᠴᠡᠨᠳᠡᠪᠠᠭᠠᠲᠤᠷ ᠪᠤᠯᠦᠠ ᠮᠡᠷᠭᠡᠵᠢᠯ ᠤᠨ ᠪᠣᠺᠰ ᠤᠨ ᠰᠢᠯᠢᠳᠡᠭ ᠲᠠᠮᠢᠷᠴᠢᠳ ᠢ ᠬᠦᠯᠢᠶᠡᠨ ᠠᠪᠴᠤ ᠠᠭᠤᠯᠵᠠᠯ᠎ᠠ᠃ ᠣᠯᠠᠨ ᠤᠯᠤᠰ ᠤᠨ ᠮᠡᠷᠭᠡᠵᠢᠯ ᠤᠨ ᠪᠣᠺᠰ ᠤᠨ ᠳᠥᠷᠪᠡᠨ ᠭᠣᠣᠯ ᠬᠣᠯᠪᠤᠭᠠᠨ ᠤ ᠨᠢᠭᠡ ᠪᠣᠯᠬᠤ ᠳᠡᠯᠡᠬᠡᠢ ᠶᠢᠨ ᠪᠣᠺᠰ ᠤᠨ ᠬᠣᠯᠪᠤᠭᠠᠨ︵WBA︶ ᠤ ᠲᠥᠪ ᠠᠽᠢᠶ᠎ᠠ ᠶᠢᠨ ᠠᠪᠤᠷᠭᠤ ᠶᠢᠨ ᠪᠦᠰᠡ ᠶᠢᠨ ᠲᠥᠯᠥᠭᠡᠬᠢ ᠲᠡᠮᠡᠴᠡᠭᠡᠨ ᠳᠤ ᠭᠠᠪᠢᠶᠠᠲᠤ ᠲᠠᠮᠢᠷᠴᠢᠨ ᠡ᠊∙ ᠴᠡᠨᠳᠡᠪᠠᠭᠠᠲᠤᠷ ᠮᠧᠻᠰᠢᠻᠣ ᠶᠢᠨ ᠲᠠᠮᠢᠷᠴᠢᠨ ᠢ ᠢᠯᠠᠵᠤ ᠂ ᠠᠪᠤᠷᠭᠤ ᠶᠢᠨ ᠵᠢᠷᠭᠤᠭ᠎ᠠ ᠳᠠᠬᠢ ᠪᠦᠰᠡ ᠪᠡᠨ ᠵᠡᠭᠦᠪᠡ ᠃ ᠡᠨᠡ ᠲᠡᠮᠡᠴᠡᠭᠡᠨ ᠳᠤ ᠮᠥᠨ ᠨ ∙ ᠲᠡᠭᠦᠰᠴᠣᠭᠲᠤ ᠪᠤᠯᠦᠠ ᠮᠠᠨ ᠤ ᠲᠠᠪᠤᠨ ᠪᠣᠻᠰᠴᠢᠨ ᠳᠡᠯᠡᠬᠡᠢ ᠶᠢᠨ ᠴᠢᠨᠰᠠᠭ᠎ᠠ ᠳᠡᠭᠡᠭᠦᠷ ᠲᠠᠮᠢᠷᠴᠢᠳ ᠲᠠᠢ ᠥᠷᠢᠰᠦᠯᠳᠦᠵᠦ ᠢᠯᠠᠯᠲᠠ ᠪᠠᠢᠭᠤᠯᠤᠭᠰᠠᠨ ᠃ ᠪᠦᠬᠦ ᠥᠷᠢᠰᠦᠯᠳᠦᠭ᠍ᠴᠢ ᠪᠡᠨ ᠢᠯᠠᠵᠤ ᠂ ᠮᠣᠩᠭᠣᠯ ᠬᠥᠮᠥᠨ ᠤ ᠲᠡᠰᠪᠦᠷᠢ ᠬᠠᠲᠠᠭᠤᠵᠢᠯ ᠂ ᠢᠳᠡ ᠬᠠᠪᠤ ᠶᠢ ᠭᠠᠢᠬᠠᠭᠤᠯᠤᠨ ᠂ ᠵᠣᠷᠢᠭ᠌ᠰᠠᠨ ᠳᠠᠭᠠᠨ ᠬᠦᠷᠴᠦ ᠴᠢᠳᠠᠳᠠᠭ ᠢ ᠬᠠᠷᠠᠭᠤᠯᠤᠭᠰᠠᠨ ᠲᠠᠮᠢᠷᠴᠢᠳ ᠲᠤ ᠶᠡᠷᠦᠩᠬᠡᠢᠢᠯᠡᠭ᠍ᠴᠢ ᠪᠡᠶᠡᠷ ᠬᠦᠷᠭᠡᠵᠦ ᠂ ᠰᠫᠣᠷᠲ ᠤᠨ ᠤᠯᠠᠮ ᠦᠡᠳᠦᠷ ᠠᠮᠵᠢᠯᠲᠠ ᠬᠦᠰᠡᠨ ᠢᠷᠦᠭᠡᠯ᠎ᠡ ᠃