ᠺᠡᠽᠡᠬᠰᠲ᠋ᠡᠠ ᠤᠯᠤᠰ 2024 ᠣᠨ ᠤ ᠲᠤᠷᠰᠢ ᠵᠦᠴᠢ ᠶᠢᠨ ᠤᠯᠤᠰ ᠤᠨ 800 ᠵᠢᠯ ᠦᠨ ᠣᠢ ᠶᠢ ᠲᠡᠮᠳᠡᠭ᠍ᠯᠡᠵᠦ ᠠᠯᠲᠠᠨ ᠣᠷᠳᠣᠨ ᠤ ᠤᠯᠤᠰ᠂ ᠵᠦᠴᠢ ᠬᠠᠭᠠᠨ ᠤ ᠲᠤᠬᠠᠶ ᠲᠡᠦᠬᠡ ᠶ᠋ᠢᠨ ᠰᠤᠳᠤᠯᠭ᠎ᠠ ᠶᠢ ᠬᠢᠵᠦ ᠬᠡᠳᠦ ᠬᠡᠳᠦᠨ ᠡᠷᠳᠡᠮ ᠰᠢᠨᠵᠢᠯᠡᠭᠡᠨ ᠤ ᠪᠦᠲᠦᠭᠡᠯ ᠬᠡᠪᠯᠡᠭᠦᠯᠦᠭ᠍ᠰᠡᠨ ᠪᠢᠯᠡ᠃ ᠲᠡᠭᠡᠪᠡᠯ ᠲᠤᠰ ᠤᠯᠤᠰ ᠤᠨ ᠲᠡᠤᠬᠡᠴᠢ ᠵᠠᠺᠰᠢᠯᠢᠺ ᠰᠠᠪᠢᠲ᠋ᠤᠪ ᠵᠦᠴᠢ ᠬᠠᠭᠠᠨ ᠤ ᠠᠮᠢᠳᠤᠷᠠᠯ ᠤᠨ ᠲᠤᠬᠠᠶ 《Kazinform》ᠠᠭ᠍ᠸᠨ᠋ᠲᠯᠢᠭ ᠲᠤ ᠡᠢᠨ ᠶᠠᠷᠢᠵᠠᠢ᠃ ᠲᠡᠦᠬᠡᠨ ᠰᠤᠷᠪᠤᠯᠵᠢ ᠨᠤᠭᠤᠳ ᠲᠤ ᠲᠡᠮᠳᠡᠭ᠍ᠯᠡᠭ᠍ᠳᠡᠨ ᠦᠯᠡᠳᠡᠭ᠍ᠰᠡᠨ ᠢᠶᠡᠷ᠂ ᠴᠢᠩᠭᠢᠰ ᠬᠠᠭᠠᠨ ᠤ ᠤᠤᠭᠠᠨ ᠬᠦᠦ 40 ᠭᠠᠷᠦᠢ ᠬᠦᠦ ᠲᠠᠢ ᠴᠤ ᠣᠳᠤ ᠪᠠᠷ 20 ᠬᠦᠦ ᠶᠢᠨ ᠬᠢᠨᠢ ᠨᠡᠷ᠎ᠡ ᠲᠣᠳᠤᠷᠬᠠᠶ ᠪᠠᠢᠳᠠᠭ ᠭᠡᠨ᠎ᠡ᠃ ᠮᠥᠨ ᠬᠠᠲᠤᠨ᠂ ᠲᠠᠲᠠᠪᠤᠷᠢ ᠡᠮᠡᠰ ᠦᠨ ᠶᠢᠰᠤᠨ ᠨᠡᠷ᠎ᠡ ᠲᠣᠳᠤᠷᠬᠠᠶ ᠪᠠᠢᠭ᠎ᠠ ᠠᠴᠠ ᠲᠡᠦᠬᠡᠨ ᠴᠢᠬᠤᠯᠠ ᠨᠥᠯᠥᠭᠡ ᠲᠠᠢ ᠳᠥᠷᠪᠡᠨ ᠬᠠᠲᠤᠨ ᠪᠠᠢᠵᠠᠢ᠃ ᠵᠦᠴᠢ ᠬᠠᠭᠠᠨ ᠤ ᠠᠩᠬᠠᠨ ᠤ ᠬᠠᠲᠤᠨ ᠨᠢ ᠬᠡᠷᠡᠢᠳ ᠠᠢᠮᠠᠭ ᠤᠨ ᠪᠡᠬᠢᠲ᠋ᠢᠮᠢᠱ ᠶᠤᠮ᠃ ᠲᠡᠷᠡ ᠪᠡᠷ ᠬᠡᠦᠬᠡᠳ ᠲᠥᠷᠥᠭᠦᠯᠦᠭᠡ ᠦᠭᠡᠢ᠃ ᠤᠳᠠᠭᠠᠬᠢ ᠨᠦᠯᠤᠬᠡ ᠪᠦᠬᠦᠢ ᠬᠠᠲᠤᠳ ᠨᠢ ᠬᠣᠩᠬᠢᠷᠠᠳ ᠠᠢᠮᠠᠭ ᠤᠨ ᠰᠠᠷᠠᠬᠠᠨ᠂ ᠬᠤᠸᠠ ᠦᠵᠢᠨ ᠨᠠᠷ ᠶᠤᠮ᠃ ᠬᠤᠸᠠ ᠦᠵᠢᠨ ᠨᠢ ᠪᠥᠷᠲᠡ ᠬᠠᠲᠤᠨ ᠤ ᠬᠠᠮᠢᠶᠠᠲᠠᠨ ᠪᠥᠭᠡᠳ ᠪᠠᠲᠤ ᠬᠠᠭᠠᠨ ᠤ ᠡᠵᠢ ᠪᠢᠯᠡ᠃ ᠬᠠᠷᠢᠨ ᠰᠠᠷᠠᠬᠠᠨ ᠬᠠᠲᠤᠨ ᠣᠷᠳᠤ ᠡᠵᠡᠨ ᠢ ᠲᠥᠷᠥᠭᠦᠯᠵᠡᠢ᠃ ᠵᠦᠴᠢ ᠬᠠᠭᠠᠨ ᠤ ᠳᠥᠷᠪᠡᠳᠦᠭᠡᠷ ᠬᠠᠲᠤᠨ ᠪᠣᠯ ᠤᠰᠮᠠᠨ ᠤ ᠬᠠᠨ ᠤ ᠡᠬᠡᠨᠡᠷ ᠪᠠᠢᠭᠰᠠᠨ ᠰᠤᠯᠲ᠋ᠠᠨ ᠶᠤᠮ᠃ ᠲᠡᠷᠡ ᠪᠡᠷ ᠪᠡᠷᠬᠡ᠂ ᠪᠡᠷᠬᠡᠬᠠᠴᠢᠷ᠂ ᠪᠣᠷᠤ ᠨᠠᠷ ᠢ ᠲᠥᠷᠥᠭᠦᠯᠦᠭ᠍ᠰᠡᠨ ᠪᠡᠢᠨ᠎ᠡ᠃ ᠵᠦᠴᠢ ᠶᠢᠨ ᠬᠥᠪᠡᠭᠦᠳ ᠡᠴᠡ ᠣᠳᠬᠣᠨ ᠬᠦᠦ ᠲᠤᠭᠠᠢᠲᠡᠮᠦᠷ ᠢ ᠻᠠᠽᠠᠭ ᠤᠨ ᠬᠠᠨ ᠨᠤᠭᠤᠳ ᠤᠨ ᠡᠪᠦᠭᠡ ᠲᠡᠭᠡᠳᠦᠰ ᠭᠡᠵᠦ ᠦᠵᠡᠳᠡᠭ᠃ ᠮᠥᠨ ᠵᠦᠴᠢ ᠬᠠᠭᠠᠨ 1227 ᠪᠤᠰᠤ 1225 ᠣᠨ ᠳᠤ ᠨᠡᠰᠦ ᠨᠥᠭ᠍ᠴᠢᠭ᠍ᠰᠡᠨ ᠢ ᠲᠡᠦᠬᠡᠨ ᠰᠤᠷᠪᠤᠯᠵᠢ ᠨᠤᠭᠤᠳ ᠤᠨ ᠮᠡᠳᠡᠭᠡ ᠪᠡᠷ ᠲᠣᠭᠲᠠᠭᠠᠭᠰᠠᠨ ᠪᠡᠢᠢᠨ᠎ᠡ ᠃