ᠶᠡᠭᠡ ᠮᠣᠭᠤᠯ ᠤᠨ ᠪᠠᠪᠠᠷ ᠬᠠᠭᠠᠨ ᠤ ᠲᠥᠷᠦᠭ᠍ᠰᠡᠨ ᠡᠳᠦᠷ ᠢ ᠫᠠᠻᠢᠰᠲ᠋ᠠᠨ ᠳᠤ ᠲᠡᠮᠳᠡᠭ᠍ᠯᠡᠪᠡ | News.MN

ᠶᠡᠭᠡ ᠮᠣᠭᠤᠯ ᠤᠨ ᠪᠠᠪᠠᠷ ᠬᠠᠭᠠᠨ ᠤ ᠲᠥᠷᠦᠭ᠍ᠰᠡᠨ ᠡᠳᠦᠷ ᠢ ᠫᠠᠻᠢᠰᠲ᠋ᠠᠨ ᠳᠤ ᠲᠡᠮᠳᠡᠭ᠍ᠯᠡᠪᠡ

ᠶᠡᠭᠡ ᠮᠣᠭᠤᠯ ᠤᠨ ᠡᠵᠡᠨᠲᠦ ᠭᠦᠷᠦᠨ ᠢ ᠪᠠᠢᠭᠤᠯᠤᠭᠰᠠᠨ᠂ ᠳᠣᠭᠣᠯᠠᠩ ᠲᠡᠮᠦᠷ ᠦᠨ ᠤᠭᠰᠠᠭᠠᠨ ᠤ ᠵᠠᠬᠢᠷ ᠤᠳ᠋ ᠳ᠋ᠢᠨ ᠮᠤᠬᠠᠮᠮᠧᠳ᠋ ᠪᠠᠪᠠᠷ ᠬᠠᠭᠠᠨ ᠤ 542 ᠵᠢᠯ ᠤᠨ ᠣᠢ ᠳᠤ ᠵᠣᠷᠢᠭᠤᠯᠤᠭᠰᠠᠨ ᠡᠷᠳᠡᠮ ᠰᠢᠨᠵᠢᠯᠡᠭᠡᠨ ᠤ ᠪᠡᠭ᠎ᠠ ᠬᠤᠷᠠᠯ ᠫᠠᠻᠢᠰᠲ᠋ᠠᠨ ᠤ ᠢᠰᠯᠠᠮᠠᠪᠠᠳ᠋ ᠬᠣᠲᠠ ᠳᠤ ᠡᠨᠡ ᠰᠠᠷ᠎ᠠ ᠶᠢᠨ 14  ᠳᠤ ᠪᠣᠯᠣᠯ᠎ᠠ᠃ ᠤᠭ ᠬᠤᠷᠠᠯ ᠢ ᠫᠠᠻᠢᠰᠲ᠋ᠠᠨ ᠤ ᠲᠡᠯ᠎ᠠ ᠦᠽᠪᠧᠺᠰᠲ᠋ᠠᠨ ᠤ ᠡᠯᠴᠢᠨ ᠰᠠᠢᠳ ᠤᠨ ᠶᠠᠮᠤᠨ ᠲᠠᠢ ᠬᠠᠮᠲᠤᠷᠠᠨ ᠵᠣᠬᠢᠶᠠᠨ ᠪᠠᠢᠭᠤᠯᠤᠭᠰᠠᠨ ᠪᠡᠢᠨ᠎ᠡ᠃ ᠬᠤᠷᠠᠯ ᠳᠤ ᠫᠠᠻᠢᠰᠲ᠋ᠠᠨ ᠤ ᠪᠠᠲᠤᠯᠠᠨ ᠬᠠᠮᠠᠭᠠᠯᠠᠬᠤ ᠶᠢᠨ ᠶᠡᠭᠡ ᠰᠤᠷᠭᠠᠭᠤᠯᠢ᠂ ᠢᠰᠯᠠᠮ ᠤᠨ ᠶᠡᠭᠡ ᠰᠤᠷᠭᠠᠭᠤᠯᠢ ᠶᠢᠨ ᠡᠷᠳᠡᠮᠲᠡᠳ ᠣᠷᠣᠯᠴᠠᠵᠤ ᠪᠠᠪᠠᠷ ᠬᠠᠭᠠᠨ ᠲᠠᠢ ᠬᠣᠯᠪᠣᠭ᠎ᠠ ᠲᠠᠢ ᠣᠯᠠᠨ ᠰᠡᠳᠦᠪ ᠢᠶᠡᠷ ᠢᠯᠡᠳᠬᠡᠯ ᠲᠠᠯᠪᠢᠵᠠᠢ᠃ ᠮᠥᠨ ᠫᠠᠻᠢᠰᠲ᠋ᠠᠨ ᠳ᠋ᠡᠬᠢ ᠭᠠᠳᠠᠭᠠᠳᠤ ᠣᠷᠣᠨ ᠨᠤᠭᠤᠳ ᠤᠨ ᠳ᠋ᠢᠫᠯᠤᠮᠠᠲ ᠲᠥᠯᠦᠭᠡᠯᠡᠭ᠍ᠴᠢᠳ ᠬᠤᠷᠠᠯ ᠳᠤ ᠣᠷᠣᠯᠴᠠᠭᠰᠠᠨ ᠪᠡᠢᠨ᠎ᠡ᠃ ᠤᠯᠠᠮ ᠢᠶᠠᠷ ᠪᠠᠪᠠᠷ ᠬᠠᠭᠠᠨ ᠤ ᠲᠠᠯ᠎ᠠ ᠪᠡᠷ ᠎ᠬᠢ ᠰᠤᠳᠤᠯᠭᠠᠨ ᠳᠤ ᠣᠷᠣᠭᠤᠯᠤᠭᠰᠠᠨ ᠬᠤᠪᠢ ᠨᠡᠮᠡᠷᠢ ᠶᠢ ᠨᠢ ᠦᠨᠡᠯᠡᠨ ᠵᠠᠷᠢᠮ ᠵᠣᠴᠢᠨ ᠳᠤ ᠭᠡᠷᠡᠴᠢᠯᠡᠭᠡ ᠭᠠᠷᠳᠠᠭᠤᠯᠵᠤ ᠂ ᠶᠡᠭᠡ ᠬᠠᠭᠠᠨ ᠤ ᠲᠥᠷᠦᠭ᠍ᠰᠡᠨ ᠡᠳᠦᠷ ᠲᠤᠯᠠ ᠪᠠᠶᠠᠷ ᠤᠨ ᠪᠢᠯᠠᠭᠤ ᠬᠤᠪᠢᠶᠠᠵᠠᠢ ᠃

ᠡᠬᠡ ᠶᠢᠨ ᠲᠠᠯ᠎ᠠ ᠠᠴᠠ ᠴᠢᠩᠭᠢᠰ ᠬᠠᠭᠠᠨ᠂ ᠡᠴᠢᠭᠡ ᠶᠢᠨ ᠲᠠᠯ᠎ᠠ ᠠᠴᠠ ᠳᠣᠭᠣᠯᠠᠩ ᠲᠡᠮᠦᠷ ᠬᠠᠭᠠᠨ ᠤ ᠤᠭᠰᠠᠭ᠎ᠠ ᠲᠠᠢ ᠪᠠᠪᠠᠷ ᠬᠠᠭᠠᠨ ᠢ ᠥᠨᠦ ᠶᠢᠨ ᠦᠽᠪᠧᠺᠰᠲ᠋ᠠᠨ ᠤ ᠠᠨᠳᠢᠵᠠᠨ ᠬᠣᠲᠠ ᠳᠤ 1483 ᠣᠨ ᠤ ᠬᠣᠶᠠᠳᠤᠭᠠᠷ ᠰᠠᠷ᠎ᠠ ᠶᠢᠨ 14  ᠳᠤ ᠲᠥᠷᠦᠭ᠍ᠰᠡᠨ ᠭᠡᠵᠦ ᠦᠵᠡᠳᠡᠭ᠃ ᠪᠠᠪᠠᠷ ᠤᠨ ᠪᠠᠢᠭᠤᠯᠤᠭᠰᠠᠨ ᠶᠡᠭᠡ ᠮᠣᠭᠤᠯ ᠤᠨ ᠡᠵᠡᠨᠲᠦ ᠬᠥᠷᠥᠨ ᠡᠮᠦᠨᠡᠳᠦ ᠠᠽᠢᠶ᠎ᠠ ᠳᠤ 300 ᠵᠢᠯ ᠣᠷᠣᠰᠢᠨ ᠲᠣᠭᠲᠠᠨᠢᠭ᠌ᠰᠠᠨ ᠶᠤᠮ᠃ ᠢᠩᠭᠢᠬᠦ ᠳᠤ ᠪᠠᠨ ᠥᠨᠦ ᠶᠢᠨ ᠡᠨᠡᠦᠡᠭᠡᠭ᠂ ᠫᠠᠻᠢᠰᠲ᠋ᠠᠨ᠂ ᠦᠽᠪᠧᠺᠰᠲ᠋ᠠᠨ  ᠳᠤ ᠵᠠᠰᠠᠭᠯᠠᠯ᠂ ᠰᠤᠶᠦᠯ᠂ ᠤᠷᠠᠨ ᠪᠠᠷᠢᠯᠭ᠎ᠠ ᠶᠢᠨ ᠬᠣᠤᠰ ᠦᠭᠡᠶ ᠥᠪ ᠢ ᠦᠯᠡᠳᠡᠭᠡᠭ᠍ᠰᠡᠨ ᠪᠢᠯᠡ᠃ ᠪᠠᠪᠠᠷ ᠬᠠᠭᠠᠨ ᠨᠢ ᠶᠡᠭᠡ ᠤᠳᠤᠷᠢᠳᠤᠭ᠌ᠴᠢ᠂ ᠴᠡᠷᠢᠭ ᠤᠨ ᠵᠠᠩᠵᠤᠨ ᠲᠡᠳᠦᠢ ᠦᠭᠡᠢ ᠢᠷᠠᠭᠤ ᠨᠠᠢᠢᠷᠠᠭ᠌ᠴᠢ᠂ ᠡᠷᠳᠡᠮᠲᠡᠨ ᠬᠥᠮᠦᠨ ᠪᠠᠢᠭᠰᠠᠨ ᠪᠥᠭᠡᠳ ᠴᠠᠭᠠᠲᠠᠢ ᠬᠡᠯᠡ ᠪᠡᠷ ᠥᠪᠡᠷ ᠤᠨ ᠨᠠᠮᠲᠠᠷ《ᠪᠠᠪᠤᠷᠨᠠᠮᠠ》ᠵᠣᠬᠢᠶᠠᠯ ᠢᠶᠠᠨ ᠪᠢᠴᠢᠵᠦ ᠦᠯᠡᠳᠡᠭᠡᠭ᠍ᠰᠡᠨ ᠢ ᠬᠤᠵᠢᠮ ᠫᠧᠷᠰ ᠬᠡᠯᠡ ᠤᠷᠤᠭᠤ ᠣᠷᠴᠢᠭᠤᠯᠤᠭᠰᠠᠨ ᠪᠠᠢᠳᠠᠭ ᠃

ᠰᠡᠳᠬᠢᠭᠳᠡᠯ ᠦᠯᠡᠳᠡᠭᠡᠬᠦ