ᠳᠡᠯᠡᠬᠡᠢ ᠶ᠋ᠢᠨ ᠮᠡᠷᠭᠡᠵᠢᠯ ᠦᠨ ᠪᠣᠺᠰ ᠤ᠋ᠨ ᠷᠢᠩᢉᠢ ᠳᠤ ᠲᠤᠯᠤᠯᠳᠤᠵᠤ ᠪᠠᠢᠭ᠎ᠠ ᠮᠣᠩᠭᠣᠯ ᠤᠯᠤᠰ ᠤᠨ ᠭᠠᠪᠢᠶᠠᠲᠤ ᠲᠠᠮᠢᠷᠴᠢᠨ ᠡ᠊᠂ ᠴᠠᠩᠲᠤᠪᠠᠭᠠᠲᠤᠷ ᠤ᠋ᠨ WBA ᠬᠣᠯᠪᠣᠭᠠᠨ ᠤ᠋ ᠲᠥᠪ ᠠᠽᠢ ᠶ᠋ᠢᠨ ᠠᠪᠤᠷᠭᠤ ᠶ᠋ᠢᠨ ᠪᠦᠰᠡ ᠶᠢᠨ ᠲᠥᠯᠥᠭᠡ ᠬᠢᠬᠦ ᠲᠤᠯᠤᠯᠳᠤᠭᠠᠨ ᠤᠯᠠᠭᠠᠨᠪᠠᠭᠠᠲᠤᠷ ᠬᠣᠲᠠ ᠳᠤ ᠪᠣᠯᠬᠤ ᠪᠠᠷ ᠪᠣᠯᠵᠠᠢ᠃ ᠡᠨᠡ ᠨᠢ ᠠᠩᠬ᠎ᠠ ᠤᠳᠠᠭ᠎ᠠ ᠮᠣᠩᠭᠣᠯ ᠲᠠᠮᠢᠷᠴᠢᠨ ᠡᠬᠡ ᠣᠷᠣᠨ ᠳᠠᠭᠠᠨ ᠠᠽᠢ ᠶ᠋ᠢᠨ ᠠᠪᠤᠷᠭᠤ ᠶ᠋ᠢᠨ ᠲᠥᠯᠥᠭᠡ ᠲᠤᠯᠤᠯᠳᠤᠬᠤ ᠭᠡᠵᠦ ᠪᠠᠢᠭ᠎ᠠ ᠪᠠᠷ ᠢᠶᠠᠨ ᠣᠨᠴᠠᠯᠢᠭ ᠲᠠᠢ ᠃ ᠲᠡᠭᠦᠨ ᠦ ᠬᠠᠮᠤᠭ ᠤᠨ ᠲᠣᠮᠣ ᠥᠷᠢᠰᠦᠯᠳᠦᠭᠴᠢ ᠨᠢ ᠨᠡᠢᠲᠡ 17 ᠲᠤᠯᠤᠯᠳᠤᠭᠠᠨ ᠳᠦ 14 ᠢᠯᠠᠵᠤ᠂ 1 ᠢᠯᠠᠭᠳᠠᠵᠤ᠂ 2 ᠲᠡᠩᠴᠡᠭᠰᠡᠨ ᠠᠮᠵᠢᠯᠲᠠ ᠲᠠᠢ ᠶᠠᠪᠤᠵᠤ ᠪᠠᠢᠭ᠎ᠠ ᠠᠵᠠᠢ᠃