ᠤᠯᠠᠭᠠᠨᠪᠠᠭᠠᠲᠤᠷ ᠬᠣᠲᠠ ᠶᠢᠨ ᠪᠠᠭᠠᠬᠠᠩᠭᠠᠢ ᠳᠡᠭᠦᠷᠭᠡ ᠡᠴᠡ ᠬᠥᠰᠢᠭᠡ ᠶᠢᠨ ᠬᠥᠨᠳᠡᠢ ᠶᠢᠨ ᠴᠢᠭ᠍ᠯᠡᠯ ᠳᠤ ᠲᠡᠮᠦᠷ ᠵᠡᠮ ᠲᠠᠯᠪᠢᠬᠤ ᠠᠵᠢᠯ ᠢ ᠵᠠᠰᠠᠭ ᠤᠨ ᠭᠠᠵᠠᠷ ᠤᠨ ᠥᠴᠥᠭᠡᠳᠦᠷ ᠦᠨ ᠬᠤᠷᠠᠯᠳᠤᠭᠠᠨ ᠢᠶᠠᠷ ᠡᠴᠦᠰᠯᠡᠨ ᠰᠢᠢᠳᠪᠦᠷᠢᠯᠡᠯ᠎ᠡ ᠃ ᠢᠷᠡᠬᠦ ᠰᠠᠷ᠎ᠠ ᠶᠢᠨ 20 ᠠᠴᠠ ᠡᠬᠢᠯᠡᠨ ᠨᠡᠢᠲᠡ ᠲᠠᠪᠤᠨ ᠰᠠᠷ᠎ᠠ ᠶᠢᠨ ᠬᠤᠭᠤᠴᠠᠭᠠᠨ ᠳᠤ ᠦᠷᠬᠦᠯᠵᠢᠯᠡᠬᠦ ᠲᠡᠮᠦᠷ ᠵᠠᠮ ᠤᠨ ᠠᠵᠢᠯ ᠳᠤ ᠱᠠᠭᠠᠷᠳᠠᠯᠭ᠎ᠠ ᠲᠠᠢ ᠬᠥᠷᠥᠩᠭᠡ ᠶᠢ 《ᠮᠣᠩᠭᠣᠯ ᠤᠨ ᠲᠡᠮᠦᠷ ᠵᠡᠮ 》᠂《ᠲᠠᠪᠤᠨᠲᠣᠯᠣᠭᠠᠢ ᠲᠡᠮᠦᠷ ᠵᠡᠮ 》ᠺᠣᠮᠫᠠᠨᠢ ᠨᠤᠭᠤᠳ ᠤᠨ 2024 ᠣᠨ ᠤ ᠴᠡᠪᠡᠷ ᠠᠰᠢᠭ ᠂ 2025 ᠣᠨ ᠤ ᠬᠥᠷᠥᠩᠭᠡ ᠣᠷᠤᠭᠤᠯᠤᠯᠲᠠ ᠪᠠᠷ ᠰᠢᠢᠳᠪᠦᠷᠢᠯᠡᠬᠦ ᠪᠡᠷ ᠪᠣᠯᠵᠠᠢ ᠃
ᠰᠢᠨ᠎ᠡ ᠲᠡᠮᠦᠷ ᠵᠠᠮ ᠠᠰᠢᠭ᠌ᠯᠠᠯᠲᠠ ᠳᠤ ᠣᠷᠣᠪᠠᠯ ᠤᠯᠠᠭᠠᠨᠪᠠᠭᠠᠲᠤᠷ ᠬᠣᠲᠠ ᠳᠤ ᠪᠠᠢᠭ᠎ᠠ ᠠᠴᠢᠶ᠎ᠠ ᠲᠡᠭᠡᠭᠡᠪᠦᠷᠢ ᠶᠢᠨ ᠪᠦᠬᠦ ᠲᠧᠷᠮᠢᠨᠠᠯ ᠢ ᠬᠥᠰᠢᠭᠡ ᠶᠢᠨ ᠬᠥᠨᠳᠡᠢ ᠤᠷᠤᠭᠤ ᠨᠡᠭᠦᠯᠭᠡᠨ᠎ᠡ ᠃