ᠮᠣᠩᠭᠣᠯ ᠤᠨ ᠦᠨᠳᠦᠰᠦᠨ ᠤ ᠡᠪᠦᠯ ᠤᠨ ᠰᠫᠣᠷᠲ ᠤᠨ ᠲᠥᠷᠥᠯ ᠪᠣᠯᠬᠤ ᠮᠥᠰᠥᠨ ᠤ ᠱᠠᠭᠠᠢ ᠶᠢᠨ ᠬᠠᠷᠪᠤᠭ᠎ᠠ ᠰᠣᠨᠢᠷᠬᠠᠭ᠌ᠴᠢᠳ ᠤᠨ ᠲᠡᠮᠡᠴᠡᠭᠡᠨ ᠨᠡᠢᠰᠯᠡᠯ ᠦᠨ ᠵᠢᠷᠭᠤᠭᠠᠨ ᠲᠡᠭᠦᠷᠭᠡ ᠶᠢᠨ 189 ᠪᠠᠭ ᠤᠨ 378 ᠢᠷᠭᠡᠳ ᠦᠨ ᠳᠤᠮᠳᠠ ᠪᠣᠯᠵᠤ ᠪᠠᠢᠨ᠎ᠠ᠃ ᠲᠡᠮᠡᠴᠡᠭᠡᠨ ᠲᠤᠤᠯᠠ᠂ ᠳᠤᠮᠳᠠ᠂ ᠰᠡᠯᠪᠢ᠂ ᠤᠯᠢᠶᠠᠰᠤᠲᠠᠢ ᠶᠢᠨ ᠭᠣᠣᠯ ᠳᠡᠭᠡᠷ᠎ᠡ ᠶᠠᠪᠤᠭᠳᠠᠬᠤ ᠪᠥᠭᠡᠳ ᠪᠠᠭ ᠲᠤᠰᠠ ᠪᠦᠷᠢ ᠬᠣᠶᠠᠷ ᠬᠥᠮᠥᠨ ᠤ ᠪᠦᠷᠢᠯᠳᠦᠬᠦᠨ ᠲᠠᠢ ᠣᠷᠣᠯᠴᠠᠵᠤ ᠪᠠᠢᠭ᠎ᠠ ᠠᠵᠠᠢ ᠃
ᠤᠯᠠᠮ ᠢᠶᠠᠷ ᠳᠡᠭᠦᠷᠭᠡ ᠪᠦᠷᠢ ᠡᠴᠡ ᠰᠢᠯᠭᠠᠷᠠᠭᠰᠠᠨ ᠬᠠᠮᠦᠬ ᠤᠨ ᠦᠡᠳᠦᠷ ᠤᠨᠤᠭ᠎ᠠ ᠲᠠᠢ ᠲᠠᠪᠤᠨ ᠪᠠᠭ ᠡᠨᠡ ᠰᠠᠷ᠎ᠠ ᠶᠢᠨ 23 ᠳᠤ ᠦᠨᠳᠦᠰᠦᠨ ᠤ ᠴᠡᠴᠡᠷᠯᠢᠭ᠍ᠲᠦ ᠬᠦᠷᠢᠶᠡᠯᠡᠩ ᠳᠤ ᠪᠣᠯᠬᠤ ᠨᠡᠢᠰᠯᠡᠯ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠤ ᠤᠷᠦᠯᠴᠡᠬᠤ ᠶᠤᠮ ᠪᠠᠢᠨ᠎ᠠ᠃ ᠰᠣᠨᠢᠷᠬᠠᠭᠤᠯᠬᠤ ᠳᠤ᠂ ᠮᠥᠰᠥᠨ ᠤ ᠱᠠᠭ᠎ᠠ ᠬᠠᠷᠪᠤᠭ᠎ᠠ ᠶᠢᠨ ᠲᠠᠯᠠᠪᠠᠢ ᠶᠢ ᠳᠡᠪᠵᠢᠶ᠎ᠡ ᠭᠡᠵᠦ ᠨᠡᠷᠡᠯᠡᠬᠦ ᠪᠥᠭᠡᠳ ᠳᠡᠪᠵᠢᠶᠡᠨ ᠦ ᠦᠷᠭᠡᠠ 3-5 ᠮᠧᠲᠷ᠂ ᠤᠷᠲᠤ 60-90 ᠮᠧᠲᠷ ᠵᠠᠢᠲᠠᠢ ᠪᠠᠢᠳᠠᠭ᠃