ᠲᠡᠭᠦᠯᠳᠡᠷ ᠴᠧᠾ ᠤᠨ ᠲᠡᠭᠡᠳᠦ ᠯᠢᠭ ᠦᠨ ᠺᠯᠦ᠋ᠪ ᠲᠠᠢ ᠭᠡᠷ᠎ᠡ ᠪᠠᠢᠭᠤᠯᠵᠠᠢ | News.MN

ᠲᠡᠭᠦᠯᠳᠡᠷ ᠴᠧᠾ ᠤᠨ ᠲᠡᠭᠡᠳᠦ ᠯᠢᠭ ᠦᠨ ᠺᠯᠦ᠋ᠪ ᠲᠠᠢ ᠭᠡᠷ᠎ᠡ ᠪᠠᠢᠭᠤᠯᠵᠠᠢ

ᠴᠧᠾ ᠤᠨ《Dynamo České Budějovice》ᠬᠥᠯ ᠪᠥᠮᠪᠥᠭᠡ ᠶᠢᠨ ᠺᠯᠦ᠋ᠪ  ᠲᠤ ᠬᠠᠷᠢᠶᠠᠯᠠᠭᠳᠠᠵᠤ ᠪᠠᠢᠭᠰᠠᠨ 20 ᠨᠠᠰᠤᠲᠠᠢ ᠮᠣᠩᠭᠣᠯ  ᠬᠦᠦ ᠭ∙ ᠲᠡᠬᠦᠯᠳᠡᠷ ᠥᠴᠥᠭᠡᠳᠦᠷ ᠺᠯᠦ᠋ᠪ  ᠲᠠᠢ ᠪᠠᠨ 2028 ᠣᠨ ᠬᠦᠷᠳᠡᠯ᠎ᠠ ᠮᠡᠷᠭᠡᠵᠢᠯ ᠤᠨ ᠲᠠᠮᠢᠷᠴᠢᠨ ᠤ ᠭᠡᠷ᠎ᠡ ᠪᠠᠢᠭᠤᠯᠵᠠᠢ᠃ ᠲᠡᠷᠡ ᠪᠡᠷ ᠮᠣᠩᠭᠣᠯ ᠤᠨ《ᠠᠷᠪᠢᠰ》ᠺᠯᠦ᠋ᠪ ᠡᠴᠡ ᠭᠠᠷᠤᠭ᠎ᠠ ᠪᠠᠨ ᠡᠬᠢᠯᠡᠭᠦᠯᠵᠦ ᠂ 2020 ᠣᠨ ᠳᠤ ᠭᠡᠷ ᠪᠦᠯᠢ ᠶᠢᠨ ᠬᠠᠮᠲᠤ ᠴᠧᠾ ᠢ ᠵᠣᠷᠢᠭ᠌ᠰᠠᠨ ᠪᠢᠯᠡ᠃  ᠡᠬᠢᠯᠡᠭᠡᠳ ᠲᠡᠷᠡ ᠣᠷᠣᠨ ᠨᠤᠲᠤᠭ ᠤᠨ《ᠲᠠᠪᠤᠷ》ᠺᠯᠦ᠋ᠪ  ᠲᠤ ᠡᠯᠰᠡᠵᠦ᠂ ᠳᠠᠷᠠᠭ᠎ᠠ ᠨᠢ《Dynamo České Budějovice》ᠺᠯᠦ᠋ᠪ ᠲᠡᠭᠦᠨ ᠢ 2022 ᠣᠨ ᠳᠤ ᠠᠻᠠᠳᠧᠮᠢ ᠳᠤ ᠪᠠᠨ ᠠᠪᠤᠭᠰᠠᠨ ᠪᠠᠢᠨ᠎ᠠ᠃ ᠲᠡᠬᠦᠯᠳᠡᠷ 2023 ᠣᠨ ᠤ 11  ᠳ᠋ᠤᠭᠡᠷ ᠰᠠᠷ᠎ᠠ ᠳᠤ ᠴᠧᠾ ᠤᠨ ᠲᠡᠭᠡᠳᠦ ᠯᠢᠭ ᠲᠤ ᠠᠩᠬ᠎ᠠ ᠤᠳᠠᠭ᠎ᠠ ᠪᠠᠨ ᠲᠣᠭᠯᠠᠭᠰᠠᠨ ᠪᠢᠯᠡ ᠃

2024 ᠣᠨ ᠤ ᠬᠠᠪᠦᠷ ᠮᠣᠩᠭᠣᠯ ᠤᠨ ᠦᠨᠳᠦᠰᠦᠨ ᠤ ᠰᠢᠭ᠍ᠰᠢᠭᠡ ᠪᠠᠭ ᠲᠤ ᠠᠩᠬ᠎ᠠ ᠤᠳᠠᠭ᠎ᠠ ᠳᠠᠭᠤᠳᠠᠭᠳᠠᠵᠤ᠂ ᠲᠡᠡᠽᠡᠨᠢᠶ᠎ᠠ᠂ ᠠᠽᠸᠷᠪᠠᠢᠵᠠᠨ  ᠤ ᠡᠰᠡᠷᠭᠦ ᠲᠣᠭᠯᠠᠵᠤ ᠪᠠᠢᠪᠠ᠃ ᠰᠣᠨᠢᠷᠬᠠᠭᠤᠯᠬᠤ ᠳᠤ᠂ ᠰᠠᠶ᠋ᠢᠬᠠᠨ ᠬᠥᠯ ᠪᠥᠮᠪᠥᠭᠡᠴᠢᠨ ᠲ᠎∙ ᠠᠩᠬᠠᠪᠠᠶᠠᠷ ᠬᠢᠲᠠᠳ ᠤᠨ《 ᠴᠢᠩᠳᠣᠣ  ᠬᠠᠢᠶᠠᠰ》ᠪᠠᠭ  ᠲᠠᠢ ᠮᠡᠷᠭᠡᠵᠢᠯ ᠤᠨ ᠲᠠᠮᠢᠷᠴᠢᠨ ᠤ ᠭᠡᠷ᠎ᠡ ᠪᠠᠢᠭᠤᠯᠤᠭᠰᠠᠨ ᠶᠤᠮ᠃

ᠰᠡᠳᠬᠢᠭᠳᠡᠯ ᠦᠯᠡᠳᠡᠭᠡᠬᠦ