“ᠲᠣᠭᠤᠷᠢᠭ ᠡᠳ᠋ ᠦ᠋ᠨ ᠵᠠᠰᠠᠭ”- ᠤ᠋ᠨ ᢈᠡᠯᠪᠡᠷᠢ ᠪᠡᠷ ᠠᠵᠢᠯᠯᠠᠭᠰᠠᠨ ᠢ᠋ᠶᠠᠷ ᠳᠡᠯᠡᢈᠡᠢ ᠳᠠᢈᠢᠨ ᠒᠐᠓᠐ ᠣᠨ ᢉᠡᢈᠦ ᠳ᠋ᠦ ᠔᠂᠕ ᠶᠡᢈᠡ ᠨᠠᠶᠤᠳ ᠠᠮ᠂ᠳ᠋ᠣᠯᠯᠠᠷ ᠤ᠋ᠨ ᠠᠰᠢᠭ ᢈᠦᠷᠲᠡᢈᠦ ᠪᠣᠯᠤᠮᠵᠢ ᠲᠠᠢ ᢉᠡᠵᠦ “Goldman Sachs” ᠹᠢᠷᠮ ᠮᠡᠳᠡᢉᠡᠯᠡᠵᠡᠢ᠃ ᠡᠨᠡ ᠨᠢ ᠦᠷᠡᠯᢉᠡᠨ ᠪᠠᠶᠢᠳᠠᠯ ᠢ᠋ᠶᠠᠨ ᠪᠠᠭᠠᠰᠬᠠᠬᠤ ᠵᠠᠮ ᠢ᠋ᠶᠠᠷ ᠰᠠᠩᢈᠦᠦ ᠶ᠋ᠢᠨ ᠦᠷᠡ ᠥᢉᢉᠦᢉᠡᠵᠢ ᠶ᠋ᠢ ᢈᠦᠷᠲᠡᢈᠦ ᠨᠢᢉᠡᢈᠡᠨ ᠠᠷᠭᠠ ᠶᠤᠮ᠃ ᠬᠣᠭ ᠬᠠᠶᠠᠭᠳᠠᠯ ᠢ᠋ ᠬᠠᠮᠤᠭ ᠤ᠋ᠨ ᠪᠠᠭᠠ ᢈᠡᠮᠵᠢᠶᠡᠨ ᠳ᠋ᠦ ᠪᠠᠶᠢᠯᠭᠠᠵᠤ᠂ ᠪᠦᠲᠦᢉᠡᢉᠳᠡᢈᠦᠨ ᠢ᠋ ᠳᠠᢈᠢᠨ ᠠᠰᠢᠭᠯᠠᠬᠤ᠂ ᠵᠠᠰᠠᠪᠤᠷᠢᠯᠠᠬᠤ᠂ ᠳᠠᢈᠢᠨ ᠪᠣᠯᠪᠠᠰᠤᠷᠠᠭᠤᠯᠬᠤ ᠦᠢᠯᠡ ᠶᠠᠪᠤᠴᠠ ᢉᠡᠵᠦ ᠣᠶᠢᠯᠠᠭᠠᠵᠤ ᠪᠣᠯᠤᠨᠠ᠃ ᠡᠶᠢᠮᠦ ᠳ᠋ᠦ ᠰᠡᢉᠦᠯ ᠦ᠋ᠨ ᠵᠢᠯ ᠦ᠋ᠳ ᠲᠦ ᠪᠠᠷᠠᠭᠠ ᠪᠦᠲᠦᢉᠡᢉᠳᠡᢈᠦᠨ ᠢ᠋ ᠳᠠᢈᠢᠨ ᠪᠣᠯᠪᠠᠰᠤᠷᠠᠭᠤᠯᠬᠤ ᢈᠡᠷᠡᢉᠲᠡᠢ ᢉᠡᠳᠡᢉ ᠢ᠋ ᠰᠤᠷᠲᠠᠯᠴᠢᠯᠠᠵᠤ ᠪᠤᠢ᠃ ᠠᠨᠤ- ᠳ᠋ᠤ ᠯᠠ ᢉᠡᢈᠦ ᠳ᠋ᠦ ᠨᠢᢉᠢ̆ᠲᠥ ᠬᠣᠭ ᠬᠠᠶᠠᠭᠳᠠᠯ ᠤ᠋ᠨ ᢈᠢ ᠨᠢ ᠓%-ᠡᠶᠢᢉ ᠠᠢ̆ᠯ ᠡᠷᠦᢈᠡ ᠨᠦ᠋ᢉᠦᠳ ᠡᢉᠦᠰᢈᠡᠳᠡᢉ ᠪᠣᠯ ᠧᠦ᠋ᠷᠣᠫᠠ ᠳ᠋ᠤ ᠡᠨᠡ ᠲᠣᠭᠠ ᠘ ᠬᠤᠪᠢᠲᠠᠢ ᠪᠠᠶᠢᠨᠠ᠃ ᠥᢉᠡᠷᠡ ᠪᠡᠷ ᢈᠡᠯᠡᠪᠡᠯ᠂ ᠪᠢᠳᠡᠨ ᠦ᠋ ᢉᠡᠷ ᠡᠴᠡ ᠭᠠᠷᠬᠤ ᠨᠢᢉᠡ ᠴᠢᠩᢉᠡᠯᠢᢉ ᠬᠣᠭ ᠬᠠᠶᠠᠭᠳᠠᠯ ᠲᠤᠲᠤᠮ ᠳ᠋ᠤ ᠪᠠᠷᠠᠭᠠ᠂ ᠪᠦᠲᠦᢉᠡᢉᠳᠡᢈᠦᠨ ᠦᠶᠢᠯᠡᠳᠪᠦᠷᠢᠯᠡᢉᠴᠢ ᠳ᠋ᠦ ᠨᠡᠮᠡᠯᠲᠡ ᠗᠐ ᠴᠢᠩᢉᠡᠯᠢᢉ ᠬᠣᠭ ᠬᠠᠶᠠᠭᠳᠠᠯ ᠡᢉᠦᠰᢈᠡᠳᠡᢉ ᠠᠵᠢ᠃