ᠡᠷᠡᢉᠦᠯ ᠮᠡᠨᠳᠦ ᠶ᠋ᠢᠨ ᠳᠠᠭᠠᠳᠬᠠᠯ ᠤ᠋ᠨ /ᠡᠮ ᠳ᠋ᠦ/ ᠰᠢᠮᠡᠳᢈᠡᠯ ᠢ᠋ ᠡᠨᠡ ᠵᠢᠯ ᠳ᠋ᠦ ᠨᠡᠶᠢᠲᠡ ᠑᠘᠒᠑᠖᠐ ᠲᠥᢉᠦᠷᠢᢉ ᠪᠠᠶᠢᠬᠤ ᠪᠠᠷ ᠲᠣᠭᠲᠠᠵᠡᠢ᠃ ᠡᠨᠡ ᠨᠢ ᠢᠷᢉᠡᠳ ᠰᠠᠷᠠ ᠲᠤᠲᠤᠮ ᠳ᠋ᠤ ᠑᠕᠑᠘᠐ ᠲᠥᢉᠦᠷᠢᢉ ᠲᠥᠯᠦᠨᠡ ᢉᠡᠰᠡᠨ ᠦᢉᠡ ᠪᠥᢉᠡᠳ ᠡᠮᠦᠨᠡᢈᠢ ᠣᠨᠤ ᠲᠠᠢ ᠬᠠᠷᠢᠴᠠᠭᠤᠯᠬᠤ ᠳ᠋ᠤ ᠑᠐᠒᠙᠖᠐ ᠲᠥᢉᠦᠷᠢᢉ ᠢ᠋ᠶᠡᠷ ᠥᠰᠦᢉᠰᠡᠨ ᠪᠠᠶᠢᠨᠠ᠃ ᠡᠮ ᠳ᠋ᠦ- ᠤ᠋ᠨ ᠰᠢᠮᠡᠳᢈᠡᠯ ᠢ᠋ ᠬᠤᠪᠢ ᢈᠡᠮᠵᠢᠶᠡ ᠶ᠋ᠢ ᠲᠤᠬᠠᠢ ᠶ᠋ᠢᠨ ᠵᠢᠯ ᠦ᠋ᠨ ᢈᠥᠳᠡᠯᠮᠦᠷᠢ ᠶ᠋ᠢᠨ ᢈᠥᠯᠦᠰᠦᠨ ᠦ᠋ ᠳᠣᠭᠤᠳᠤ ᢈᠡᠮᠵᠢᠶᠡ ᠲᠡᠢ ᠤᠶᠠᠯᠳᠤᠭᠤᠯᠤᠨ ᠰᠢᠨᠡᠴᠢᠯᠡᠨ ᠪᠠᠲᠤᠯᠠᠳᠠᠭ᠃ ᠡᠶᠢᠮᠦ ᠳ᠋ᠦ ᠡᠨᠡ ᠣᠨ ᠤ᠋ ᢈᠥᠳᠡᠯᠮᠦᠷᠢ ᠶ᠋ᠢᠨ ᢈᠥᠯᠦᠰᠦᠨ ᠦ᠋ ᠳᠣᠭᠤᠳᠤ ᢈᠡᠮᠵᠢᠶᠡᠨ ᠦ᠋ ᠬᠣᠶᠠᠷ ᠬᠤᠪᠢ ᠪᠠᠷ ᠲᠣᠭᠠᠴᠠᠵᠤ ᠲᠥᠯᠦᢈᠦ ᠪᠡᠷ ᠵᠣᢈᠢᠴᠠᠭᠤᠯᠵᠡᠢ᠃