ᠪ᠂ ᠨ᠂ ᠬ᠂ᠠ ᠂ᠤ᠋᠂ ᠤ᠋ᠨ ᠬᠠᠷᠪᠢᠨ ᠬᠣᠲᠠᠨ᠎ᠠ ᠵᠣᢈᠢᠶᠠᠨ ᠪᠠᠶᠢᠭᠤᠯᠤᠭᠳᠠᠬᠤ ᠠᠽᠢ ᠶ᠋ᠢᠨ ᠡᠪᠦᠯ ᠦ᠋ᠨ ᠰᠫᠣᠷᠲ ᠤ᠋ᠨ ᠨᠠᠭᠠᠳᠤᠮ ᠳ᠋ᠤ ᠣᠷᠤᠯᠴᠠᠬᠤ ᠪᠠᠷ ᠮᠣᠩᠭᠣᠯ ᠤᠯᠤᠰ ᠤ᠋ᠨ ᠓᠕ ᠲᠠᠮᠢᠷᠴᠢᠨ ᠠᠯᠤᠰ ᠢ᠋ ᠵᠣᠷᠢᠯ᠎ᠠ᠃ “ᠬᠠᠷᠪᠢᠨ ᠒᠐᠒᠕” ᠨᠠᠭᠠᠳᠤᠮ ᠳ᠋ᠤ ᠮᠠᠨ ᠤ᠋ ᠪᠠᠭ ᠲᠠᠮᠢᠷᠴᠢᠳ ᠲᠡᠰᠢᢉᠦᠷ᠂ ᠱᠣᠷᠲ ᠲᠷᠧᠻ᠂ ᠠᠭᠤᠯᠠ ᠶ᠋ᠢᠨ ᠴᠠᠨ᠎ᠠ᠂ ᢉᠦᠶᠦᠯᠲᠡ ᠶ᠋ᠢᠨ ᠴᠠᠨ᠎ᠠ᠂ ᠪᠢᠠᠲ᠋ᠯᠣᠨ᠋ ᢉᠡᠰᠡᠨ ᠔ ᠰᠫᠣᠷᠲ ᠤ᠋ᠨ ᠗ ᠲᠥᠷᠦᠯ ᠳ᠋ᠦ ᠥᠷᠢᠰᠦᠯᠳᠦᢈᠦ ᠶᠤᠮ᠃ ᠮᠥᠨ ᠨᠠᠢᠮᠠᠨ ᠵᠢᠯ ᠵᠠᠪᠰᠠᠷᠯᠠᠭᠰᠠᠨ ᠤ᠋ ᠳᠠᠷᠠᠭ᠎ᠠ ᠡᠷᢉᠢᠨ ᠢᠷᠡᠵᠦ ᠪᠤᠢ ᠤᠭ ᠨᠠᠭᠠᠳᠤᠮ ᠳ᠋ᠤ ᠮᠠᠨ ᠤ᠋ ᠤᠯᠤᠰ ᠠᠩᠬ᠎ᠠ ᠤᠳᠠᠭ᠎ᠠ ᠤᠷᠠᠨ ᠭᠤᠯᠭᠤᠯᠲᠠ᠂ ᠻᠢᠷᠯᠢᠨ ᠢ᠋ ᠲᠥᠷᠦᠯ ᠳ᠋ᠦ ᠲᠠᠮᠢᠷᠴᠢᠨ ᠢ᠋ᠶᠠᠨ ᠢᠯᠡᢉᠡᠵᠦ ᠪᠠᠶᠢᠭ᠎ᠠ ᠪᠠᠷ ᠢ᠋ᠶᠠᠨ ᠣᠨᠴᠠᠯᠢᠭ ᠲᠠᠢ᠃ ᠨᠡᠶᠢᠲᠡ ᠓᠔ ᠣᠷᠤᠨ ᠤ᠋ ᠑᠒᠗᠕ ᠲᠠᠮᠢᠷᠴᠢᠨ ᠖ ᠰᠫᠤᠷᠲ ᠤ᠋ᠨ ᠑᠑ ᠲᠥᠷᠦᠯ ᠢ᠋ᠶᠡᠷ ᠥᠷᠢᠰᠦᠯᠳᠦᠵᠦ᠂ ᠖᠔ ᠪᠠᠭᠴᠠ ᠮᠧᠳᠠᠯ ᠤ᠋ᠨ ᠲᠥᠯᠦᢉᠡ ᠤᠷ᠎ᠠ ᠴᠢᠳᠠᠪᠤᠷᠢ ᠪᠠᠨ ᠰᠣᠷᠢᠬᠤ ᠠᠵᠢ᠃