ᠠᠷᠠᠪ ᠤᠨ ᠨᠢᠭᠡᠳᠦᠭ᠍ᠰᠡᠨ ᠡᠮᠢᠷᠠᠲ ᠤᠯᠤᠰ ᠲᠤ ᠡᠨᠡ ᠰᠠᠷ᠎ᠠ ᠶᠢᠨ 24-28 ᠳᠤ ᠪᠣᠯᠣᠭᠰᠠᠨ ᠠᠷᠪᠠᠳᠤᠭᠠᠷ ᠤᠳᠠᠭ᠎ᠠ ᠶᠢᠨ ᠵᠠᠰᠠᠮᠠᠯ ᠵᠠᠮ ᠤᠨ ᠳᠤᠭᠤᠢ ᠶᠢᠨ《Tour of Sharjah – 2025》ᠲᠡᠮᠡᠴᠡᠭᠡᠨ ᠳᠤ ᠮᠠᠨ ᠤ ᠤᠯᠤᠰ ᠠᠴᠠ ᠰ∙ ᠵᠠᠮᠪᠠᠯᠵᠠᠮᠴᠠ᠂ ᠪ ∙ᠲᠡᠭ᠍ᠰᠢᠪᠠᠶᠠᠷ ᠣᠷᠣᠯᠴᠠᠯ᠎ᠠ ᠃
23 ᠣᠷᠣᠨ ᠤ 29 ᠮᠡᠷᠭᠡᠵᠢᠯ ᠤᠨ ᠪᠠᠭ ᠤᠨ 174 ᠲᠠᠮᠢᠷᠴᠢᠨ ᠣᠷᠣᠯᠴᠠᠵᠤ ᠲᠠᠪᠤᠨ ᠡᠳᠦᠷ ᠦᠨ ᠳᠣᠲᠣᠷ᠎ᠠ 526.26 ᠺᠢᠯᠣᠮᠧᠲᠷ ᠵᠠᠮ ᠢ ᠲᠤᠭᠤᠯᠵᠤ ᠦᠷᠢᠰᠦᠯᠳᠦᠬᠦ ᠳᠦ᠂ ᠰ∙ ᠵᠠᠮᠪᠠᠯᠵᠠᠮᠴᠠ ᠡᠬᠢᠨ ᠤ ᠭᠠᠷᠤᠭᠠᠨ ᠳᠤ ᠬᠦᠷᠡᠯ ᠮᠧᠳᠠᠯ ᠬᠦᠷᠲᠡᠵᠦ᠂ ᠲᠠᠪᠤᠨ ᠡᠳᠦᠷ ᠦᠨ ᠨᠡᠢᠯᠡᠪᠦᠷᠢ ᠳ᠋ᠦᠩ ᠢᠶᠡᠷ ᠲᠠᠪᠤᠳᠤᠭᠠᠷ ᠪᠠᠢᠷᠢ ᠳᠤ ᠣᠷᠣᠵᠤ ᠴᠢᠨᠰᠠᠭ᠎ᠠ ᠶᠢᠨ ᠣᠨᠣᠭ᠎ᠠ ᠪᠠᠨ 15 ᠪᠡᠷ ᠠᠬᠢᠭᠤᠯᠤᠯ᠎ᠠ᠃ ᠪ ∙ᠲᠡᠭ᠍ᠰᠢᠪᠠᠶᠠᠷ 21 ᠳ᠋ᠤᠭᠡᠷ ᠲᠤ ᠣᠷᠣᠵᠠᠢ᠃