ᠠᠷᠠᠳᠴᠢᠯᠠᠭᠰᠠᠨ ᠰᠢᠨ᠎ᠡ ᠦᠨᠳᠦᠰᠦᠨ ᠬᠠᠤᠯᠢ ᠶᠢᠨ 33 ᠵᠢᠯ ᠦᠨ ᠣᠢ ᠶᠢ ᠲᠣᠬᠢᠶᠠᠯᠳᠤᠭᠤᠯᠤᠨ ᠰ· ᠪᠤᠶᠠᠨᠨᠡᠮᠡᠬᠦ ᠶᠢᠨ ᠨᠡᠷᠡᠮᠵᠢᠲᠦ ᠳᠤᠮᠲᠠᠭᠣᠪᠢ ᠠᠢᠮᠠᠭ ᠤᠨ ᠲᠥᠪ ᠨᠣᠮ ᠤᠨ ᠰᠠᠩ ᠠᠴᠠ ᠦᠨᠳᠦᠰᠦᠨ ᠬᠠᠤᠯᠢ ᠲᠠᠢ ᠬᠣᠯᠪᠣᠭ᠎ᠠ ᠲᠠᠢ ᠨᠣᠮ ᠂ ᠲᠣᠪᠬᠢᠮᠠᠯ ᠪᠤᠯᠦᠠ ᠪᠷᠠᠢᠢᠯ ᠨᠣᠮ ᠤᠨ ᠦᠵᠡᠰᠬᠦᠯᠡᠩ ᠳᠡᠯᠭᠡᠪᠡ ᠃
2019 ᠣᠨ ᠠᠴᠠ ᠡᠬᠢᠯᠡᠨ ᠵᠢᠯ ᠪᠦᠷᠢ ᠶᠢᠨ ᠨᠢᠭᠡᠳᠦᠭᠡᠷ ᠰᠠᠷ᠎ᠠ ᠶᠢᠨ ᠳᠦᠷᠪᠡᠨ ᠢ ᠬᠠᠷᠠᠭᠠᠨ ᠤ ᠪᠡᠷᠬᠡᠰᠢᠶᠡᠯ ᠲᠡᠢ ᠢᠷᠭᠡᠳ ᠦᠨ ᠪᠢᠴᠢᠭ ᠪᠣᠯᠬᠤ ᠪᠷᠠᠢᠢᠯ ᠦᠰᠦᠭ ᠦᠨ ᠡᠳᠦᠷ ᠪᠣᠯᠭᠠᠨ ᠲᠡᠮᠳᠡᠭ᠍ᠯᠡᠬᠦ ᠪᠣᠯᠵᠠᠢ ᠃ ᠡᠨᠡ ᠬᠦ ᠡᠳᠦᠷ ᠦᠨ ᠭᠣᠣᠯ ᠵᠣᠷᠢᠯᠭ᠎ᠠ ᠨᠢ ᠪᠷᠠᠢᠢᠯ ᠦᠰᠦᠭ ᠦᠨ ᠪᠣᠯᠪᠠᠰᠤᠷᠠᠯ ᠂ ᠲᠤᠰ ᠪᠢᠴᠢᠭ ᠢ ᠠᠰᠢᠭ᠌ᠯᠠᠨ ᠪᠢᠴᠢᠭ᠍ᠰᠡᠨ ᠨᠣᠮ ᠂ ᠭᠠᠷ ᠤᠨ ᠠᠪᠤᠯᠭ᠎ᠠ᠂ ᠰᠤᠷᠬᠤ ᠪᠢᠴᠢᠭ᠂ ᠲᠡᠮᠳᠡᠭ᠍ᠯᠡᠭᠡ ᠶᠢ ᠨᠡᠮᠡᠭ᠍ᠳᠡᠭᠦᠯᠬᠦ ᠶᠢ ᠳᠡᠮᠵᠢᠬᠦ ᠡᠴᠡ ᠭᠠᠳᠡᠨ᠎ᠡ ᠪᠷᠠᠢᠢᠯ ᠦᠰᠦᠭ ᠢ ᠬᠠᠷᠢᠯᠴᠠᠭ᠎ᠠ ᠬᠣᠯᠪᠤᠭᠠᠨ ᠤ ᠴᠢᠬᠤᠯᠠ ᠬᠡᠰᠡᠭ ᠪᠣᠯᠬᠤ ᠶᠢ ᠤᠢᠯᠠᠭᠠᠭᠤᠯᠵᠤ᠂ ᠬᠠᠷᠠᠭᠠᠨ ᠤ ᠪᠡᠷᠬᠡᠰᠢᠶᠡᠯ ᠲᠡᠢ ᠢᠷᠭᠡᠳ ᠦᠨ ᠡᠷᠬᠡ ᠶᠢᠨ ᠠᠰᠠᠭᠤᠳᠠᠯ ᠳᠤ ᠠᠩᠬᠠᠷᠤᠯ ᠢᠶᠠᠨ ᠬᠠᠡᠳᠦᠭᠤᠯᠬᠤ ᠶᠠᠪᠤᠳᠠᠯ ᠶᠤᠮ᠃ ᠲᠤᠰ ᠨᠣᠮ ᠤᠨ ᠰᠠᠩ ᠠᠴᠠ ᠡᠨᠡ ᠬᠦ ᠡᠳᠦᠷ ᠢ ᠰᠢᠨ᠎ᠡ ᠦᠨᠳᠦᠰᠦᠨ ᠬᠠᠤᠯᠢ ᠪᠠᠲᠤᠯᠠᠭᠳᠠᠭᠰᠠᠨ ᠡᠳᠦᠷ ᠲᠠᠢ ᠬᠠᠮᠲᠤᠳᠬᠠᠨ ᠡᠢᠢᠨ ᠬᠦ ᠲᠡᠮᠳᠡᠭ᠍ᠯᠡᠭ᠍ᠰᠡᠨ ᠪᠡᠢᠢᠨ᠎ᠡ ᠃
ᠳᠤᠮᠲᠠᠭᠣᠪᠢ ᠠᠢᠮᠠᠭ ᠤᠨ ᠲᠥᠪ ᠨᠣᠮ ᠤᠨ ᠰᠠᠩ ᠨᠢ ᠰᠡᠭᠦᠯ ᠦᠨ ᠵᠢᠯ ᠤᠳ ᠲᠤ ᠪᠷᠠᠢᠢᠯ ᠦᠰᠦᠭ ᠢᠶᠡᠷ ᠪᠢᠴᠢᠭ᠍ᠰᠡᠨ ᠨᠣᠮ ᠂ ᠲᠣᠪᠬᠢᠮᠠᠯ ᠬᠤᠳᠠᠯᠳᠤᠨ ᠠᠪᠴᠦ ᠪᠠᠢᠭ᠎ᠠ ᠪᠠ ᠬᠠᠮᠤᠭ ᠤᠨ ᠰᠡᠭᠦᠯ ᠳᠤ《ᠮᠣᠩᠭᠣᠯ ᠤᠨ ᠨᠢᠭᠤᠴᠠ ᠲᠤᠪᠴᠢᠶᠠᠨ》ᠳᠦᠷᠪᠡᠨ ᠪᠣᠳᠢ ᠨᠣᠮ ᠢ ᠬᠤᠳᠠᠯᠳᠤᠨ ᠠᠪᠴᠠᠢ ᠃ ᠦᠵᠡᠰᠬᠦᠯᠡᠩ ᠤᠨ ᠦᠶ᠎ᠡ ᠪᠠᠷ ᠬᠠᠷᠠᠭᠠᠨ ᠤ ᠪᠡᠷᠬᠡᠰᠢᠶᠡᠯ ᠲᠡᠢ ᠢᠷᠭᠡᠳ ᠂ ᠲᠤᠰᠬᠠᠶ ᠬᠡᠷᠡᠭ᠍ᠴᠡᠭᠡᠲᠦ ᠢᠷᠭᠡᠳ ᠦᠨ ᠳᠤᠮᠳᠠ ᠠᠰᠠᠭᠤᠯᠲᠠ ᠬᠠᠷᠢᠭᠤᠯᠲᠠ ᠶᠢᠨ《ᠠᠬ᠎ᠠ》ᠲᠡᠮᠡᠴᠡᠭᠡᠨ ᠢ ᠵᠣᠬᠢᠶᠠᠨ ᠪᠠᠢᠭᠤᠯᠵᠤ᠂ ᠲᠡᠮᠡᠴᠡᠭᠡᠨ ᠳᠤ ᠲᠤᠰ ᠬᠣᠯᠪᠤᠭᠠᠨ ᠤ ᠭᠡᠰᠢᠭᠦᠨ ᠸ· ᠨᠠᠷᠠᠨᠭᠡᠷᠡᠯ ᠲᠦᠷᠦᠭᠦᠯᠡᠵᠦ ᠂ ᠴ· ᠣᠶᠤᠨᠴᠢᠮᠡᠭ ᠤᠳᠠᠭᠠᠯᠠᠵᠠᠢ ᠃