ᠰᠢᠨ᠎ᠡ ᠪᠠᠷ ᠲᠥᠷᠦ ᠶᠢᠨ ᠠᠯᠪᠠᠨ ᠤ ᠲᠠᠩᠭᠠᠷᠢᠭ ᠡᠷᠭᠦᠭ᠍ᠰᠡᠨ ᠳᠣᠷᠤᠨᠠᠭᠣᠪᠢ ᠠᠢᠮᠠᠭ ᠤᠨ ᠰᠢᠭᠦᠬᠦ ᠂ ᠴᠠᠭᠳᠠᠭ᠎ᠠ ᠂ ᠳᠣᠲᠣᠭᠠᠳᠤ ᠶᠢᠨ ᠴᠡᠷᠢᠭ ᠤᠨ ᠠᠯᠪᠠ ᠬᠠᠭᠠᠭ᠌ᠴᠢᠳ ᠠᠢᠮᠠᠭ ᠤᠨ ᠮᠦᠽᠧᠶ ᠂ ᠰᠤᠷᠭᠠᠯᠲᠠ ᠰᠤᠳᠤᠯᠭᠠᠨ ᠤ ᠲᠥᠪ ᠦᠨ ᠦᠵᠡᠮᠦᠷᠢ ᠶᠢᠨ ᠲᠠᠩᠬᠢᠮ ᠳᠤ ᠪᠠᠢᠳᠠᠭ ᠴᠢᠩᠭᠢᠰ ᠬᠠᠭᠠᠨ ᠤ ᠬᠠᠩᠭᠠᠯ ᠡᠬᠢᠲᠦ ᠴᠡᠭᠠᠠ ᠲᠤᠭ ᠲᠤ ᠬᠦᠨᠳᠦᠳᠬᠡᠯ ᠦᠵᠡᠭᠦᠯᠪᠡ ᠃
ᠮᠠᠨᠵᠤ ᠴᠢᠩ ᠭᠦᠷᠦᠨ ᠤ ᠨᠣᠶᠠᠷᠬᠠᠯ ᠤᠨ ᠦᠶ᠎ᠡ ᠳᠤ ᠲᠥᠷᠦ ᠶᠢᠨ ᠡᠨᠡ ᠬᠦ ᠰᠢᠲᠦᠭᠡᠨ ᠢ ᠴᠢᠩᠳᠠᠯᠠᠨ ᠨᠢᠭᠤᠴᠠᠯᠠᠵᠤ ᠨᠢᠭᠡ ᠨᠢᠭᠡ ᠪᠡᠷ ᠨᠢ ᠰᠠᠯᠭᠠᠨ ᠪᠠᠢᠷᠢᠰᠢᠭᠤᠯᠵᠤ ᠪᠠᠢᠭᠰᠠᠨ ᠪᠥᠭᠡᠳ 1600 ᠬᠡᠳᠦᠨ ᠣᠨ ᠤ ᠦᠶ᠎ᠡ ᠳᠤ ᠤᠯᠤᠰ ᠤᠨ ᠵᠡᠭᠦᠨ ᠡᠮᠦᠨᠡᠳᠦ ᠬᠢᠯᠢ ᠪᠣᠯᠬᠤ ᠬᠤᠲᠤᠭ ᠠᠭᠤᠯᠠ ᠶ᠋ᠢᠨ ᠣᠷᠴᠢᠮ ᠳᠤ 100 ᠣᠷᠴᠢᠮ ᠳᠠᠭᠠᠭᠤᠯᠢ ᠶᠢᠨ ᠬᠠᠮᠲᠤ ᠲᠠᠬᠢᠵᠤ ᠪᠠᠢᠵᠠᠢ᠃ ᠡᠵᠡᠨᠲᠦ ᠤᠯᠤᠰ ᠤᠨ ᠰᠢᠳᠦᠭᠡᠠ ᠂ ᠲᠥᠷᠦ ᠤᠯᠤᠰ ᠤᠨ ᠰᠦᠷ ᠰᠤᠢ᠍ᠯᠳᠠ ᠣᠷᠣᠰᠢᠭ᠌ᠰᠠᠨ ᠡᠨᠡ ᠬᠦ ᠴᠡᠭᠠᠠ ᠲᠤᠭ ᠢ ᠳᠣᠷᠤᠨᠠᠭᠣᠪᠢ ᠠᠢᠮᠠᠭ ᠤᠨ ᠬᠥᠪᠰᠥᠬᠥᠯ ᠰᠤᠮᠤ ᠶᠢᠨ ᠨᠤᠳᠦᠬ ᠰᠦᠯᠳᠡᠨ ᠬᠥᠬᠡᠲᠣᠯᠤᠭᠠᠢ ᠳᠤ ᠲᠠᠬᠢᠵᠤ ᠪᠠᠢᠭᠰᠠᠨ ᠪᠥᠭᠡᠳ ᠰᠡᠭᠦᠯᠴᠢ ᠶᠢᠨ ᠲᠤᠭ᠌ᠴᠢ ᠳ· ᠳᠣᠷᠵᠢ ᠭᠡᠮᠡᠬᠦ ᠬᠥᠮᠦᠨ 1930 ᠭᠠᠳ ᠣᠨ ᠤ ᠳᠤᠮᠳᠠ ᠦᠶ᠎ᠡ ᠬᠦᠷᠳᠡᠯ᠎ᠠ ᠲᠠᠬᠢᠵᠤ ᠪᠠᠢᠭᠰᠠᠨ ᠠᠪᠠᠴᠤ ᠬᠡᠯᠮᠡᠭ᠍ᠳᠡᠭᠦᠯᠦᠯᠲᠡ ᠡᠬᠢᠯᠡᠭ᠍ᠰᠡᠨ ᠢᠶᠡᠷ ᠲᠠᠰᠤᠷᠠᠭᠰᠠᠨ ᠭᠡᠳᠡᠭ ᠃ ᠲᠡᠭᠦᠨ ᠤ ᠦᠷ᠎ᠡ ᠤᠳᠤᠮ 200 ᠭᠠᠷᠦᠢ ᠬᠥᠮᠦᠨ ᠠ᠋ᠳᠦᠭᠡ ᠲᠤᠭ᠌ᠴᠢ ᠣᠪᠣᠭ ᠤᠨ ᠤᠳᠤᠮ ᠢ ᠵᠠᠯᠭᠠᠵᠤ ᠪᠡᠢᠢᠨ᠎ᠡ ᠃