ᠡᠪᠦᠯ ᠤᠨ ᠰᠫᠣᠷᠲ ᠢ ᠬᠥᠭ᠍ᠵᠢᠭᠦᠯᠬᠦ ᠪᠠᠷ ᠦᠨᠭᠭᠡᠷᠡᠭ᠍ᠰᠡᠠ ᠵᠢᠯ ᠡᠴᠡ ᠡᠬᠢᠯᠡᠨ《ᠪᠤᠷᠬᠠᠨᠲᠤ ᠶᠢᠨ ᠡᠪᠦᠯ ᠤᠨ ᠨᠠᠭᠠᠳᠤᠮ》 ᠢ ᠵᠣᠬᠢᠶᠠᠨ ᠪᠠᠢᠭᠤᠯᠵᠤ ᠡᠬᠢᠯᠡᠭ᠍ᠰᠡᠨ᠃ ᠡᠨᠡ ᠵᠢᠯ ᠤᠨ ᠮᠥᠰᠥᠨ ᠤ ᠵᠢᠭᠠᠰᠤᠴᠢᠯᠠᠯ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠢ ᠬᠠᠭᠠᠯᠲᠠᠲᠠᠢ ᠪᠤᠯᠦᠠ ᠨᠡᠭᠡᠭᠡᠯᠲᠡᠲᠠᠢ ᠭᠡᠰᠡᠨ ᠬᠣᠶᠠᠷ ᠲᠥᠷᠥᠯ ᠢᠶᠡᠷ ᠵᠣᠬᠢᠶᠠᠨ ᠪᠡᠢᠢᠭᠤᠯᠬᠤ ᠪᠥᠭᠡᠳ ᠡᠨᠡ ᠰᠠᠷ᠎ᠠ ᠶᠢᠨ 25 ᠳᠦ ᠠᠢᠮᠠᠭ ᠤᠨ ᠠᠪᠤᠷᠭᠤ ᠰᠢᠯᠭᠠᠷᠠᠭᠤᠯᠬᠤ ᠬᠠᠭᠠᠯᠲᠠᠲᠠᠢ ᠲᠡᠮᠡᠴᠡᠭᠡᠨ ᠪᠣᠯᠬᠤ ᠶᠤᠮ ᠃
《ᠳᠠᠷᠬᠠᠨ ᠴᠣᠮᠤ – 2025》ᠮᠥᠰᠥᠨ ᠤ ᠵᠢᠭᠠᠰᠤᠴᠢᠯᠠᠯ ᠤᠨ ᠨᠡᠭᠡᠭᠡᠯᠲᠡᠲᠠᠢ ᠲᠡᠮᠡᠴᠡᠭᠡᠨ ᠬᠣᠶᠠᠳᠤᠭᠠᠷ ᠰᠠᠷ᠎ᠠ ᠶᠢᠨ 1-2 ᠳᠤ ᠪᠣᠯᠤᠨ᠎ᠠ᠃ ᠴᠣᠮᠣ ᠶᠢᠨ ᠲᠥᠯᠥᠭᠡᠬᠢ ᠲᠡᠮᠡᠴᠡᠭᠡᠨ ᠨᠡᠭᠡᠭᠡᠯᠲᠡ ᠲᠠᠢ᠂ ᠥᠷᠦᠮᠳᠡᠯᠭᠡ ᠶᠢᠨ ᠪᠤᠯᠦᠠ ᠪᠤᠤᠬᠢᠶ᠎ᠠ ᠭᠡᠰᠡᠨ ᠭᠤᠷᠪᠠᠨ ᠲᠥᠷᠥᠯ ᠢᠶᠡᠷ ᠪᠣᠯᠬᠤ ᠶᠠᠭᠤᠮ᠎ᠠ ᠃
ᠦᠨᠭᠭᠡᠷᠡᠭ᠍ᠰᠡᠠ ᠵᠢᠯ ᠦᠨ ᠲᠡᠮᠡᠴᠡᠭᠡᠨ ᠳᠤ 24 ᠪᠠᠭ ᠤᠨ 100 ᠣᠷᠴᠢᠮ ᠲᠠᠮᠢᠷᠴᠢᠨ ᠣᠷᠣᠯᠴᠠᠵᠤ᠂ 20 ᠰᠢᠭᠦᠭ᠍ᠴᠢ᠂ ᠳᠠᠰᠬᠠᠯᠵᠢᠭᠤᠯᠤᠭ᠌ᠴᠢ ᠠᠵᠢᠯᠯᠠᠭᠰᠠᠨ ᠪᠣᠯ ᠮᠣᠩᠭᠣᠯ ᠤᠨ ᠪᠠᠭ ᠲᠤ ᠣᠷᠣᠰ ᠤᠨ ᠯᠧᠭᠢᠣᠨᠧᠷ ᠲᠠᠮᠢᠷᠴᠢᠨ ᠪᠠᠭ ᠤᠨ ᠭᠡᠰᠢᠭᠦᠨ ᠢᠶᠡᠷ ᠣᠷᠣᠯᠴᠠᠭᠰᠠᠨ ᠨᠢ ᠲᠡᠮᠡᠴᠡᠭᠡᠨ ᠢ ᠢᠯᠡᠬᠦᠦ ᠰᠣᠨᠢᠷᠬᠠᠯᠲᠠᠢ ᠪᠣᠯᠭᠠᠵᠤ ᠪᠠᠢᠭᠰᠠᠨ ᠪᠢᠯᠡ ᠃